蒙古文网站Logo
ᠰᠢᠨᠬᠤᠸᠠ ᠮᠤᠩᠭ᠋ᠤᠯ ᠨᠧᠲ

ᠴᠡᠰᠦᠳᠦ ᠳᠠᠯ᠎ᠠ ᠳᠤ ᠲᠡᠮᠲᠡᠭᠯᠡᠭᠳᠡᠭᠰᠡᠨ ᠭᠦᠯ ᠪᠦᠮᠪᠦᠭᠡ ᠶᠢᠨ ᠦᠪᠡᠳᠡᠭᠰᠢ ᠴᠤᠭᠯᠠᠭᠠᠨ— ᠦᠪᠦᠷ ᠮᠤᠩᠭ᠋ᠤᠯ ᠤᠨ ᠳᠧᠯᠸᠢᠰ ᠬᠤᠷᠢᠶ᠎ᠠ ᠶᠢᠨ ᠭᠦᠯ ᠪᠦᠮᠪᠦᠭᠡ ᠶᠢᠨ ᠰᠤᠪᠠᠭ ᠤᠨ ᠭᠦᠯᠦᠨ ᠪᠤᠶᠢᠷ ᠲᠠᠬᠢ ᠴᠠᠰᠤᠳᠦ ᠭᠠᠵᠠᠷ ᠤᠨ ᠭᠦᠯ ᠪᠦᠮᠪᠦᠭᠡ ᠶᠢᠨ ᠱᠠᠩᠨᠠᠯᠳᠦ ᠲᠡᠮᠡᠴᠡᠭᠡᠨ ᠤ ᠳᠠᠲᠠᠯᠠᠭ᠎ᠠ

2018-01-10 15:33

    ᠴᠠᠰᠤᠨ ᠳᠠᠬᠤ ᠪᠠᠨ ᠭᠡᠳᠦᠷᠦᠭᠰᠡᠨ ᠭᠦᠯᠦᠨ ᠪᠦᠢᠷ ᠤᠨ ᠡᠪᠤᠯ ᠶᠠᠰᠤ ᠶᠠᠩᠭᠢᠨᠠᠭᠤᠯᠤᠮ᠎ᠠ ᠭᠦᠢᠳᠠᠨ᠃ ᠭᠡᠪᠡᠴᠦ ᠡᠨᠡ ᠬᠠᠭᠢᠷ ᠡᠪᠤᠯ ᠤᠨ ᠴᠠᠰᠤ ᠮᠦᠰᠦ ᠪᠦᠮᠪᠦᠭᠡᠨ ᠪᠠᠬᠠᠳᠤᠳ ᠤᠨ ᠬᠠᠯᠠᠭᠤᠨ ᠤᠷᠮᠠᠰ ᠢ ᠲᠠᠷᠤᠵᠦ ᠴᠢᠳᠠᠬᠤ ᠦᠭᠡᠢ ᠨᠢ ᠢᠯᠡᠷᠭᠡᠢ ᠪᠠᠶᠢᠯ᠎ᠠ᠃ ᠴᠠᠰᠤᠨ ᠯᠠᠪᠰᠠᠯᠠᠭ᠎ᠠ ᠭᠦᠢᠳᠠᠨ ᠰᠠᠯᠭᠢᠨ ᠳᠤᠮᠳᠠ ᠡᠳᠡᠭᠡᠷ 《ᠪᠠᠭᠠᠳᠤᠷᠴᠤᠳ》ᠮᠠᠨᠢ ᠤᠷᠭᠢᠯᠤᠮ᠎ᠠ ᠴᠠᠯᠭᠢᠯᠤᠮ᠎ᠠ ᠭᠦᠯ ᠪᠦᠮᠪᠦᠭᠡ ᠶᠢᠨ ᠬᠦᠰᠡᠯ ᠲᠡᠮᠡᠦᠯᠦᠯ ᠳᠡᠭᠡᠨ ᠬᠦᠲᠦᠯᠦᠭᠳᠡᠨ᠂ ᠭᠦᠯᠦᠰᠦ ᠤᠷᠤᠰᠬᠠᠨ ᠴᠠᠩ ᠳᠠᠳᠠᠭᠤᠯᠵᠤ ᠬᠦᠭᠡᠷᠦᠯᠳᠤᠨ᠎ᠠ᠃

    12 ᠰᠠᠷ᠎ᠠ ᠶᠢᠨ 20 ᠤ᠋ ᠡᠳᠦᠷ᠂ 2017 ᠤᠨ ᠤ ᠦᠪᠦᠷ ᠮᠤᠩᠭ᠋ᠤᠯ ᠤᠨ ᠭᠦᠯ ᠪᠦᠮᠪᠦᠭᠡ ᠶᠢᠨ ᠰᠤᠪᠠᠭ ᠬᠤᠨᠳᠠᠭᠠᠳᠦ ᠤᠯᠠᠨ ᠤᠯᠤᠰ ᠤᠨ ᠴᠠᠰᠤᠳᠦ ᠭᠠᠵᠠᠷ ᠤᠨ ᠭᠦᠯ ᠪᠦᠮᠪᠦᠭᠡ ᠶᠢᠨ ᠱᠠᠩᠨᠠᠯᠳᠦ ᠲᠡᠮᠡᠴᠡᠭᠡᠨ ᠭᠦᠯᠦᠨ ᠪᠤᠶᠢᠷ ᠬᠤᠳᠠᠨ᠎ᠠ ᠢᠳᠠ ᠭᠦᠭ᠌ ᠲᠠᠢ ᠶᠠᠪᠤᠭᠳᠠᠭᠰᠠᠨ ᠪᠠᠶᠢᠨ᠎ᠠ᠃ 3 ᠡᠳᠦᠷ ᠤᠨ ᠬᠤᠭᠤᠴᠠᠭ᠎ᠠ ᠲᠠᠢ ᠶᠠᠪᠤᠭᠳᠠᠭᠰᠠᠨ ᠳᠤᠰ ᠲᠡᠮᠡᠴᠡᠭᠡᠨ ᠳᠤ ᠤᠷᠤᠰ᠂ ᠮᠤᠩᠭ᠋ᠤᠯ ᠵᠢᠴᠢ ᠤᠯᠤᠰ ᠤᠨ ᠳᠤᠳᠤᠭᠠᠳᠦ ᠶᠢᠨ 16 ᠪᠦᠮᠪᠦᠭᠡᠨ ᠪᠠᠬ ᠤᠷᠤᠯᠴᠠᠵᠤ᠂ ᠬᠤᠷᠴᠠ ᠰᠢᠷᠦᠭᠦᠨ ᠦᠷᠢᠰᠦᠯᠳᠦᠭᠡᠨ ᠢᠶᠠᠷ ᠳᠠᠮᠵᠢᠨ ᠤᠷᠤᠰ ᠤᠨ ᠴᠢᠲ᠋ᠢᠨᠼᠺᠠᠶᠠ ᠪᠠᠬ ᠮᠠᠩᠯᠠᠶᠢᠯᠠᠵᠤ᠂ ᠮᠤᠩᠭ᠋ᠤᠯ ᠤᠯᠤᠰ ᠤᠨ ᠳᠠᠷᠬᠠᠨ ᠠᠶᠢᠮᠠᠭ ᠤᠨ ᠪᠠᠬ᠂ ᠮᠤᠩᠭ᠋ᠤᠯ ᠤᠯᠤᠰ ᠤᠨ ᠳᠦᠪ ᠠᠶᠢᠮᠠᠭ ᠤᠨ ᠳᠦᠯᠦᠭᠡᠯᠡᠭᠴᠢ ᠶᠢᠨ ᠪᠠᠬ ᠳᠤᠰ ᠳᠤᠰ ᠬᠤᠶᠠᠷ᠂ ᠭᠤᠷᠪᠠᠳᠤᠭᠠᠷ ᠨᠡᠷ᠎ᠠ ᠪᠠᠷ ᠳᠤᠳᠤᠷᠠᠭᠰᠠᠨ ᠪᠠᠶᠢᠨ᠎ᠠ᠃

    ᠳᠤᠰ ᠤᠳᠠᠭ᠎ᠠ ᠶᠢᠨ ᠲᠡᠮᠡᠴᠡᠭᠡᠨ ᠨᠢ ᠳᠠᠪᠤᠨ ᠭᠦᠮᠦᠨ ᠤ ᠲᠡᠮᠡᠴᠡᠭᠡᠨ  ᠤ ᠳᠦᠷᠢᠮ ᠢᠶᠠᠷ ᠶᠠᠪᠤᠭᠳᠠᠭᠰᠠᠨ ᠪᠠ ᠴᠠᠰᠤᠳᠦ ᠭᠠᠵᠠᠷ ᠤᠨ ᠤᠨᠴᠠᠯᠢᠭ ᠲᠤ ᠳᠤᠬᠢᠷᠠᠭᠤᠯᠤᠨ᠂ ᠬᠤᠶᠠᠷ ᠳᠠᠯ᠎ᠠ ᠶᠢᠨ ᠬᠠᠭᠠᠯᠭ᠎ᠠ ᠪᠠ ᠬᠠᠵᠠᠭᠤ ᠶᠢᠨ ᠱᠤᠭᠤᠮ ᠳᠤ ᠳᠤᠰᠬᠠᠢ ᠳᠤᠬᠢᠷᠠᠭᠤᠯᠤᠯᠳᠠ ᠭᠢᠵᠠᠢ᠃ ᠴᠠᠰᠤᠳᠦ ᠭᠠᠵᠠᠷ ᠤᠨ ᠭᠦᠯ ᠪᠦᠮᠪᠦᠭᠡ ᠶᠢᠨ ᠤᠨᠴᠠᠯᠢᠭ ᠨᠢ ᠡᠯᠡᠰᠦᠨ ᠳᠡᠭᠡᠷᠡᠭᠢ ᠭᠦᠯ ᠪᠦᠮᠪᠦᠭᠡ ᠲᠠᠢ ᠠᠳᠠᠯᠢᠪᠳᠤᠷ ᠪᠠᠶᠢᠵᠤ᠂ ᠵᠤᠵᠠᠭᠠᠨ ᠴᠠᠰᠤ ᠲᠠᠢ ᠲᠠᠯᠠᠪᠠᠢ ᠨᠢ ᠪᠦᠮᠪᠦᠭᠡᠴᠢᠳ ᠤᠨ ᠬᠤᠷᠳᠦ ᠪᠠ ᠭᠦᠴᠦ ᠶᠢ ᠨᠦᠯᠦᠭᠡᠯᠡᠳᠡᠭ ᠠᠴᠠ ᠪᠦᠮᠪᠦᠭᠡᠴᠢᠳ ᠤᠨ ᠳᠠᠮᠢᠷ ᠭᠦᠴᠦ ᠶᠢᠨ ᠳᠠᠯ᠎ᠠ ᠪᠠᠷ ᠨᠡᠯᠢᠶᠠᠳ ᠴᠢᠩᠭ᠎ᠠ ᠱᠠᠭᠠᠷᠳᠠᠯᠭ᠎ᠠ ᠲᠠᠢ ᠪᠠᠶᠢᠳᠠᠭ ᠪᠢᠯᠠ᠃

    ᠬᠤᠶᠠᠷ ᠡᠳᠦᠷ ᠤᠨ ᠲᠡᠮᠡᠴᠡᠭᠡᠨ  ᠢᠶᠠᠷ ᠳᠠᠮᠵᠢᠨ᠂ ᠤᠷᠤᠰ ᠤᠨ ᠴᠢᠲ᠋ᠢᠨᠼᠺᠠᠶᠠ ᠪᠠᠬ ᠪᠤᠯᠤᠨ ᠮᠤᠩᠭ᠋ᠤᠯ ᠤᠯᠤᠰ ᠤᠨ ᠳᠠᠷᠬᠠᠨ ᠠᠶᠢᠮᠠᠭ ᠤᠨ ᠪᠠᠬ ᠰᠢᠢᠳᠪᠤᠷᠢᠳᠦ ᠲᠡᠮᠡᠴᠡᠭᠡᠨ ᠳᠤ ᠰᠢᠯᠭᠠᠷᠠᠵᠤ ᠦᠯᠡᠳᠡᠭᠰᠡᠨ ᠪᠠᠶᠢᠨ᠎ᠠ᠃ ᠰᠢᠢᠳᠪᠤᠷᠢᠳᠦ ᠲᠡᠮᠡᠴᠡᠭᠡᠨ ᠡᠭᠢᠯᠡᠭᠦ ᠶᠢ ᠳᠠᠭᠠᠯᠳᠤᠨ ᠡᠨᠡᠭᠦ ᠬᠤᠶᠠᠷ ᠪᠠᠬ ᠨᠢ ᠡᠴᠤᠰ ᠤᠨ ᠮᠠᠩᠯᠠᠢ ᠶᠢᠨ ᠳᠦᠯᠦᠭᠡ ᠬᠠᠮᠤᠭ ᠡᠴᠤᠰ ᠤᠨ ᠰᠢᠪᠳᠤᠯᠤᠯᠳᠠ ᠭᠢᠵᠠᠢ᠃ ᠲᠡᠮᠡᠴᠡᠭᠡᠨ ᠡᠭᠢᠯᠡᠮᠡᠭᠴᠠ ᠤᠷᠤᠰ ᠤᠨ ᠪᠠᠬ ᠳᠦᠳᠡᠯ ᠦᠭᠡᠢ ᠲᠡᠮᠡᠴᠡᠭᠡᠨ ᠤ ᠠᠶᠢᠵᠠᠮ ᠢ ᠡᠵᠡᠮᠳᠠᠵᠤ᠂ ᠬᠤᠶᠠᠷᠳᠠ ᠡᠰᠡᠷᠭᠦ ᠡᠳᠡᠭᠡᠳ ᠤᠨ ᠡᠭᠦᠳᠠ ᠶᠢ ᠰᠢᠪᠲᠤᠯᠵᠤ ᠪᠦᠮᠪᠦᠭᠡ ᠤᠷᠤᠭᠤᠯᠤᠭᠰᠠᠨ ᠪᠠᠶᠢᠨ᠎ᠠ᠃ ᠮᠤᠩᠭ᠋ᠤᠯ ᠤᠯᠤᠰ ᠤᠨ ᠪᠠᠬ ᠨᠢ ᠭᠡᠳᠦ᠋ᠢᠪᠡᠷ ᠤᠯᠠᠨᠳᠠ ᠳᠠᠭᠠᠷᠢᠯᠳᠠ ᠪᠠᠨ ᠵᠤᠬᠢᠶᠠᠨ ᠪᠠᠶᠢᠭᠤᠯᠵᠤ᠂ ᠬᠤᠪᠢ ᠶᠢᠨ ᠬᠠᠷᠢᠴᠠᠯ ᠢ ᠪᠠᠭᠠᠰᠬᠠᠬᠤ ᠪᠠᠷ ᠴᠢᠷᠮᠠᠶᠢᠭᠰᠠᠨ ᠴᠤ᠂ ᠵᠢᠬᠰᠠᠭᠠᠯ ᠨᠢ ᠭᠡᠳᠦ ᠤᠷᠤᠭᠰᠢ ᠳᠦᠷᠢᠵᠤ ᠤᠷᠤᠭᠰᠠᠨ ᠠᠴᠠ ᠬᠠᠷᠢᠨ ᠡᠰᠡᠷᠭᠦ ᠡᠳᠡᠭᠡᠳ ᠲᠡᠭᠡᠨ ᠭᠡᠳᠡᠷᠭᠦ ᠳᠠᠭᠠᠷᠢᠬᠤ ᠵᠠᠪᠰᠢᠶᠠᠨ ᠤᠯᠭᠤᠵᠤ᠂ ᠬᠤᠶᠠᠷᠳᠠ ᠪᠦᠮᠪᠦᠭᠡ ᠤᠷᠤᠭᠤᠯᠵᠤ ᠭᠦᠭᠡᠭᠡᠵᠤ ᠭᠦᠢᠴᠡᠭᠦ ᠶᠢ ᠵᠠᠪᠳᠤᠭᠰᠠᠨ ᠴᠤ ᠡᠴᠤᠰ ᠤᠨ ᠱᠦᠭᠯᠦ ᠳᠤᠤᠭᠠᠷᠬᠤ ᠶᠢᠨ ᠤᠷᠢᠳᠠᠭᠤᠷ ᠬᠠᠷᠠᠮᠰᠠᠯᠲᠠᠢ ᠪᠠᠷ ᠳᠠᠬᠢᠨ ᠪᠦᠮᠪᠦᠭᠡ ᠠᠯᠳᠠᠵᠤ᠂ ᠡᠴᠤᠰ ᠲᠡᠭᠡᠨ 3᠄ 2 ᠤ᠋᠋᠋ᠨ ᠬᠠᠷᠢᠴᠠᠯ ᠢᠶᠠᠷ ᠢᠯᠠᠭᠳᠠᠭᠰᠠᠨ ᠪᠠᠶᠢᠨ᠎ᠠ᠃

    ᠦᠪᠦᠷ ᠮᠤᠩᠭ᠋ᠤᠯ ᠤᠨ ᠵᠡᠭᠦᠨ ᠪᠦᠰᠡ ᠪᠡᠷ ᠡᠪᠤᠯ ᠪᠤᠯᠬᠤ ᠳᠤ ᠯᠠ ᠤᠷᠳᠦ ᠬᠤᠭᠤᠴᠠᠭᠠᠨ ᠤ ᠴᠠᠰᠤ ᠮᠦᠰᠦᠨ ᠤ ᠶᠢᠷᠳᠢᠨᠴᠤ ᠪᠤᠯᠳᠠᠭ᠃ ᠮᠠᠰᠢ ᠤᠯᠠᠨ ᠭᠦᠯ ᠪᠦᠮᠪᠦᠭᠡ ᠶᠢᠨ ᠪᠠᠬᠠᠳᠤᠳ ᠴᠠᠰᠤ ᠲᠠᠢ ᠭᠠᠵᠠᠷ ᠲᠤ ᠴᠤ ᠪᠦᠮᠪᠦᠭᠡ ᠲᠠᠢ ᠪᠠᠨ ᠡᠳᠦᠷᠵᠢᠨ ᠬᠠᠨᠢᠯᠠᠵᠤ ᠯᠠ ᠪᠠᠶᠢᠳᠠᠭ ᠠᠴᠠ ᠪᠤᠯᠵᠤ᠂ ᠴᠠᠰᠤᠳᠦ ᠭᠠᠵᠠᠷ ᠤᠨ ᠭᠦᠯ ᠪᠦᠮᠪᠦᠭᠡ ᠨᠢᠭᠡᠨᠳᠠ ᠭᠦᠯᠦᠨ ᠪᠦᠢᠷ ᠤᠨ ᠴᠠᠰᠤ ᠮᠦᠰᠦᠨ ᠤ ᠰᠫᠦᠷᠲ ᠤᠨ ᠳᠦᠷᠦᠯ ᠵᠦᠢᠯ ᠤᠨ ᠴᠢᠬᠤᠯᠠ ᠪᠦᠷᠢᠯᠳᠦᠭᠦᠨ ᠪᠤᠯᠤᠭᠰᠠᠨ ᠪᠠᠶᠢᠨ᠎ᠠ᠃ ᠡᠨᠡ ᠤᠳᠠᠭ᠎ᠠ ᠶᠢᠨ ᠴᠠᠰᠤᠲᠤ ᠭᠠᠵᠠᠷ ᠤᠨ ᠱᠠᠩᠨᠠᠯᠲᠤ ᠲᠡᠮᠡᠴᠡᠭᠡᠨ ᠢ ᠵᠤᠬᠢᠶᠠᠨ ᠪᠠᠶᠢᠭᠤᠯᠬᠤ ᠪᠠᠷ ᠳᠠᠮᠵᠢᠨ᠂ ᠴᠠᠰᠤᠳᠦ ᠭᠠᠵᠠᠷ ᠤᠨ ᠭᠦᠯ ᠪᠦᠮᠪᠦᠭᠡ ᠶᠢ ᠦᠪᠦᠷ ᠮᠤᠩᠭ᠋ᠤᠯ ᠤᠨ ᠨᠡᠷᠡᠳᠦ ᠤᠷᠤᠯᠳᠤᠭᠠᠨ ᠤ ᠳᠦᠷᠦᠯ ᠪᠤᠯᠭᠠᠨ᠂ ᠭᠦᠯ ᠪᠦᠮᠪᠦᠭᠡ ᠪᠠ ᠴᠠᠰᠤ ᠮᠦᠰᠦᠨ ᠤ ᠰᠫᠦᠷᠲ ᠢ ᠤᠯᠠᠮ ᠰᠠᠶᠢᠨ ᠠᠭᠤᠰᠤᠯᠴᠠᠭᠤᠯᠵᠤ᠂ ᠨᠡᠩ ᠤᠯᠠᠨ ᠭᠦᠮᠦᠰ ᠢ ᠠᠳᠠᠯᠢ ᠪᠤᠰᠤ ᠶᠢᠨ ᠠᠷᠭ᠎ᠠ ᠭᠡᠮᠵᠢᠶ᠎ᠠ ᠪᠠᠷ ᠭᠦᠯ ᠪᠦᠮᠪᠦᠭᠡ ᠪᠠ ᠴᠠᠰᠤ ᠮᠦᠰᠦᠨ ᠤ ᠰᠫᠦᠷᠲ ᠲᠤ ᠤᠷᠤᠯᠴᠠᠭᠤᠯᠵᠤ ᠴᠢᠳᠠᠪᠠᠯ ᠠᠮᠵᠢᠯᠳᠠ ᠳᠠᠷᠠ ᠪᠤᠶᠤ᠃

ᠢᠷᠡᠯᠳᠡ᠄ ᠲᠤᠮᠳᠠᠳᠤ ᠤᠯᠤᠰ ᠤᠨ ᠮᠤᠩᠭ᠋ᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120701122238103