蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠠᠷᠤ ᠬᠤᠷᠴᠢᠨ ᠬᠤᠰᠢᠭᠤᠨ ᠤ ᠰᠢᠨ᠎ᠠ ᠤᠨ ᠢᠶᠡᠨ ᠤᠭᠲᠤᠬᠤ ᠰᠤᠷ ᠬᠠᠷᠪᠤᠯᠲᠠ ᠶᠢᠨ ᠲᠡᠮᠡᠴᠡᠭᠡᠨ ᠪᠤᠯᠵᠤ ᠦᠩᠭᠡᠷᠡᠪᠡ

2018-01-13 12:46

    ᠰᠢᠨᠬᠤᠧᠠ ᠮᠣᠩᠭᠣᠯ ᠨᠧᠲ   ᠤᠯᠠᠭᠠᠨᠬᠠᠲᠠ ᠶᠢᠨ 1 ᠰᠠᠷ᠎᠎ᠠ ᠶᠢᠨ 13 ᠤ ᠡᠳᠦᠷ ᠤᠨ ᠴᠠᠬᠢᠯᠭᠠᠨ ᠮᠡᠳᠡᠭᠡ (ᠬᠡᠤᠬᠡᠨᠰᠤᠯᠢ᠂ ᠰᠤᠷᠤᠶ᠎ᠠ) 12 ᠤᠨ ᠡᠳᠦᠷ᠂ ᠦᠪᠦᠷ ᠮᠤᠩᠭᠤᠯ ᠤᠨ ᠠᠷᠤ ᠬᠤᠷᠴᠢᠨ ᠬᠤᠰᠢᠭᠤᠨ ᠤ ᠰᠢᠨ᠎ᠠ ᠤᠨ ᠢᠶᠡᠨ ᠤᠭᠲᠤᠬᠤ ᠰᠤᠷ ᠬᠠᠷᠪᠤᠯᠲᠠ ᠶᠢᠨ ᠲᠡᠮᠡᠴᠡᠭᠡᠨ ᠠᠷᠤ ᠬᠤᠷᠴᠢᠨ ᠬᠤᠰᠢᠭᠤᠨ ᠤ ᠴᠢᠪᠠᠭ᠎ᠠ ᠪᠠᠯᠭᠠᠰᠤᠨ ᠳᠤ ᠬᠦᠷ ᠬᠦᠭ᠍ᠵᠢᠶᠠᠨᠲᠠᠢ ᠪᠤᠯᠵᠤ ᠦᠩᠭᠡᠷᠡᠪᠡ᠃

    ᠲᠡᠮᠡᠴᠡᠭᠡᠨ ᠳᠤ ᠬᠤᠰᠢᠭᠤᠨ ᠤ ᠤᠶᠢᠷ᠎ᠠ ᠶᠢᠨ ᠰᠤᠮᠤ ᠪᠠᠯᠭᠠᠰᠤᠨ ᠡᠴᠡ ᠬᠦᠷᠦᠯᠴᠡᠨ ᠢᠷᠡᠭᠰᠡᠨ 70 ᠨᠠᠰᠤ ᠶᠢ ᠳᠠᠪᠠᠭᠰᠠᠨ 4 ᠠᠬᠠᠮᠠᠳ ᠬᠠᠷᠪᠤᠭᠠᠴᠢᠨ ᠪᠠ 15 ᠡᠮᠡᠭᠳᠡᠢ ᠬᠠᠷᠪᠤᠭᠠᠴᠢᠨ ᠢ ᠪᠠᠬᠲᠠᠭᠠᠭᠰᠠᠨ 50 ᠭᠠᠷᠤᠢ ᠬᠠᠷᠪᠤᠭᠠᠴᠢᠳ ᠤᠷᠤᠯᠴᠠᠯ᠎ᠠ᠃ ᠡᠴᠤᠰ ᠲᠤ ᠨᠢ ᠠᠷᠤ ᠬᠤᠷᠴᠢᠨ ᠬᠤᠰᠢᠭᠤᠨ ᠤ ᠬᠤᠨᠳᠤ ᠪᠠᠯᠭᠠᠰᠤᠨ ᠤ ᠭᠤᠤᠯ ᠤᠨ ᠠᠶᠢᠯ ᠭᠠᠴᠠᠭ᠎ᠠ ᠪᠡᠷ ᠨᠤᠲᠤᠭᠲᠠᠢ ᠰᠦᠬᠡᠪᠡᠭᠠᠳᠤᠷ ᠲᠡᠷᠢᠭᠦᠯᠡᠵᠤ᠂ ᠱᠤᠤᠬᠢᠨ ᠪᠠᠯᠭᠠᠰᠤᠨ ᠤ ᠴᠠᠶᠢᠳᠠᠮ ᠭᠠᠴᠠᠭ᠎ᠠ ᠪᠡᠷ ᠨᠤᠳᠤᠭᠳᠠᠢ ᠪᠦᠬᠡᠪᠠᠭᠠᠳᠤᠷ ᠳᠡᠳ᠋ᠯᠠᠨ᠂ ᠮᠦᠨ ᠳᠤᠰ ᠭᠠᠴᠠᠭᠠᠨ ᠤ ᠴᠢᠯᠠᠭᠤᠨᠪᠠᠭᠠᠨ᠎ᠠ ᠭᠤᠳᠠᠭᠠᠷ ᠪᠠᠶᠢᠷᠢᠨ ᠳᠤ ᠳᠤᠳᠤᠷᠠᠭᠰᠠᠨ ᠪᠠᠶᠢᠨ᠎ᠠ᠃

    《ᠦᠩᠭᠡᠷᠡᠭᠰᠡᠨ ᠳᠤ ᠮᠠᠨ ᠤ ᠬᠤᠰᠢᠭᠤᠨ ᠤ ᠰᠤᠷ ᠬᠠᠷᠪᠤᠯᠲᠠ ᠶᠢᠨ ᠬᠦᠭ᠍ᠵᠢᠯᠲᠠ ᠤᠳᠠᠭᠠᠰᠢᠷᠠᠬᠤ ᠬᠠᠨᠳᠤᠰᠢ ᠲᠠᠢ ᠪᠠᠶᠢᠭᠰᠠᠨ᠂ 2010 ᠤᠨ ᠤ ᠬᠤᠰᠢᠭᠤᠨ ᠤ ᠰᠤᠷ ᠬᠠᠷᠪᠤᠯᠲᠠ ᠶᠢᠨ ᠤᠷᠤᠯᠳᠤᠭᠠᠨ ᠳᠤ 1000 ᠬᠠᠷᠪᠤᠭᠠᠴᠢᠨ ᠢ ᠵᠤᠬᠢᠶᠠᠨ ᠪᠠᠶᠢᠭᠤᠯᠵᠤ ᠤᠷᠤᠯᠴᠠᠭᠤᠯᠤᠭᠠᠳ ᠬᠠᠷᠪᠤᠭᠠᠴᠢᠳ ᠤᠨ ᠡᠩᠨᠡᠭᠡ ᠶᠢ ᠦᠷᠭᠡᠳᠭᠡᠭ᠍ᠰᠡᠨ ᠪᠦᠬᠡᠳ ᠡᠭᠦᠨ ᠤ ᠰᠠᠭᠤᠷᠢᠨ ᠳᠤ 2011 ᠤᠨ ᠳᠤ ᠬᠤᠰᠢᠭᠤ ᠳᠠᠶᠠᠭᠠᠷ ᠤᠨ ᠬᠡᠪᠴᠢᠶᠡᠨ ᠳᠤ ᠬᠠᠷᠪᠤᠯᠲᠠ ᠰᠤᠷᠴᠢᠳ ᠤᠨ ᠠᠩᠭᠢ ᠪᠠᠶᠢᠭᠤᠯᠵᠤ᠂ ᠠᠷᠤ ᠬᠤᠷᠴᠢᠨ ᠬᠤᠰᠢᠭᠤᠨ ᠤ ᠰᠤᠷ ᠬᠠᠷᠪᠤᠯᠲᠠ ᠶᠢᠨ ᠬᠦᠭ᠍ᠵᠢᠯᠲᠠ ᠶᠢ ᠠᠬᠢᠭᠤᠯᠬᠤ ᠶᠢ ᠵᠤᠷᠢᠪᠠ᠃ 2012 ᠤᠨ ᠳᠤ ᠬᠤᠰᠢᠭᠤᠨ ᠤ ᠡᠯ᠎ᠠ ᠰᠤᠮᠤ ᠰᠢᠶᠠᠩ ᠪᠠᠯᠭᠠᠰᠤᠨ ᠳᠤ ᠰᠤᠷᠴᠢᠳ ᠤᠨ ᠨᠡᠶᠢᠭᠡᠮᠯᠢᠭ᠌ ᠪᠠ ᠲᠤᠰᠬᠠᠢ ᠰᠤᠷ ᠬᠠᠷᠪᠤᠯᠲᠠ ᠶᠢᠨ ᠲᠠᠯᠠᠪᠤᠷ ᠪᠠᠶᠢᠭᠤᠯᠤᠭᠰᠠᠨ ᠪᠠᠶᠢᠨ᠎ᠠ᠃ ᠤᠳᠤᠬᠠᠨ ᠳᠤ ᠬᠤᠰᠢᠭᠤ ᠳᠠᠶᠠᠭᠠᠷ ᠤᠨ ᠬᠡᠪᠴᠢᠶᠡᠨ ᠳᠤ 280 ᠭᠠᠷᠤᠢ ᠬᠦᠮᠦᠨ ᠰᠤᠷ ᠬᠠᠷᠪᠤᠬᠤ ᠪᠤᠯᠤᠭᠰᠠᠨ ᠪᠦᠭᠡᠳ ᠳᠤᠮᠳᠠᠳᠤ ᠪᠠᠭ᠎ᠠ ᠰᠤᠷᠭᠠᠭᠤᠯᠢ ᠳᠤ ᠲᠤᠰᠬᠠᠶᠢᠯᠠᠨ ᠰᠤᠷᠴᠢᠨ ᠤ ᠠᠩᠭᠢ ᠪᠠᠶᠢᠭᠤᠯᠵᠤ ᠰᠤᠷ ᠬᠠᠷᠪᠤᠯᠲᠠ ᠶᠢ ᠬᠤᠶᠢᠴᠢ ᠦᠶ᠎ᠠ ᠶᠢᠨ ᠬᠢᠨ ᠳᠤ ᠪᠡᠨ ᠦᠪᠯᠡᠨ ᠤᠯᠠᠮᠵᠢᠯᠠᠬᠤ ᠠᠵᠢᠯᠯᠠᠭ᠎ᠠ ᠶᠢ ᠴᠢᠬᠤᠯᠠᠴᠢᠯᠠᠨ ᠭᠦᠢᠴᠡᠳᠭᠡᠵᠤ ᠪᠤᠢ᠃ ᠰᠡᠭᠦᠯ ᠤᠨ ᠵᠢᠯ ᠤᠳ ᠲᠤ᠂ ᠬᠤᠰᠢᠭᠤ ᠳᠠᠶᠠᠭᠠᠷ ᠤᠨ ᠶᠡᠬᠡ ᠪᠠᠭ᠎ᠠ ᠨᠠᠶᠢᠷ ᠨᠠᠭᠠᠳᠤᠮ ᠳᠤ ᠰᠤᠷ ᠬᠠᠷᠪᠤᠯᠲᠠ ᠶᠢᠨ ᠤᠷᠤᠯᠳᠤᠭᠠᠨ ᠲᠤᠬᠢᠷᠠᠭᠤᠯᠤᠭᠰᠠᠨ ᠡᠴᠡ ᠤᠶᠢᠷ᠎ᠠ ᠬᠠᠪᠢ ᠳᠤ ᠪᠡᠨ ᠠᠯᠳᠠᠷ ᠴᠤᠤᠲᠠᠢ ᠮᠡᠷᠭᠡᠨ ᠬᠠᠷᠪᠤᠭᠠᠴᠢᠨ ᠡᠳᠦᠢ ᠲᠡᠳᠦᠢ ᠴᠤᠯᠭᠤᠷᠠᠵᠤ ᠪᠤᠢ》ᠬᠡᠮᠡᠨ ᠳᠤᠰ ᠬᠤᠰᠢᠭᠤᠨ ᠤ ᠤᠯᠠᠮᠵᠢᠯᠠᠯᠲᠤ ᠰᠤᠷ ᠬᠠᠷᠪᠤᠯᠲᠠ ᠶᠢᠨ ᠨᠡᠶᠢᠭᠡᠮᠯᠢᠭ᠌ ᠤᠨ ᠭᠡᠰᠢᠭᠦᠨ ᠨᠤᠯᠮᠠᠰᠦ᠋ᠷᠦᠩ ᠰᠤᠷᠪᠤᠯᠵᠢᠯᠠᠭ᠎ᠠ ᠬᠦᠯᠢᠶᠡᠨ ᠶᠠᠷᠢᠯ᠎ᠠ᠃

    ᠲᠡᠮᠡᠴᠡᠭᠡᠨ ᠳᠤ ᠤᠷᠤᠯᠴᠠᠵᠤ ᠪᠠᠶᠢᠭᠰᠠᠨ ᠱᠤᠤᠬᠢᠨ ᠪᠠᠯᠭᠠᠰᠤᠨ ᠤ ᠪᠠᠶᠠᠠᠠᠦ᠋ᠨᠳ᠋ᠦᠷ ᠭᠠᠴᠠᠭ᠎ᠠ ᠪᠡᠷ ᠨᠤᠲᠤᠭᠲᠠᠢ ᠮᠠᠯᠴᠢᠨ ᠲᠠᠯᠠᠨᠳᠠᠢ ᠮᠠᠨ ᠤ ᠰᠤᠷᠪᠤᠯᠵᠢᠯᠠᠭ᠎ᠠ ᠶᠢ ᠬᠦᠯᠢᠶᠡᠬᠦ ᠳᠤ ᠪᠡᠨ᠂ 5 ᠵᠢᠯ ᠰᠤᠷ ᠬᠠᠷᠪᠤᠵᠤ ᠨᠡᠶᠢᠲᠡ 240 ᠭᠠᠷᠤᠢ ᠱᠠᠩᠨᠠᠯ ᠲᠤᠰᠤᠭᠰᠠᠨ ᠤ ᠳᠤᠳᠤᠷ᠎ᠠ 100 ᠭᠠᠷᠤᠢ ᠤᠳᠠᠭ᠎ᠠ ᠲᠡᠷᠢᠭᠦᠯᠠᠵᠤ ᠪᠠᠶᠢᠭᠰᠠᠨ ᠬᠡᠯ᠎ᠡ᠃

    ᠪᠢᠴᠢᠬᠠᠨ ᠬᠠᠷᠪᠤᠭᠠᠴᠢᠳ ᠤᠨ ᠡᠩᠨᠡᠭᠡ ᠡᠴᠡ ᠨᠢᠳᠦᠨ ᠳᠤ ᠳᠤᠯᠠᠭᠠᠬᠠᠨ ᠲᠤᠰᠤᠭᠰᠠᠨ 11 ᠨᠠᠰᠤᠲᠠᠢ ᠠᠯᠢᠶᠠᠬᠦᠦ ᠲᠡᠭᠦᠦ ᠮᠠᠨᠢ ᠦᠨᠦᠳᠦᠷ ᠤᠨ ᠤᠷᠤᠯᠳᠤᠭᠠᠨ ᠳᠤ 9 ᠤᠳᠠᠭ᠎ᠠ ᠬᠠᠷᠪᠤᠵᠤ᠂ 10 ᠤᠳᠠᠭ᠎ᠠ ᠤᠨᠤᠭᠠᠯ᠎ᠠ ᠭᠡᠵᠤ ᠶᠠᠷᠢᠭᠠᠳ ᠬᠦᠮᠦᠰ ᠢ ᠬᠦᠬᠡᠷᠦᠯᠳᠦᠬᠦᠯᠵᠤ ᠪᠠᠶᠢᠭᠰᠠᠨ ᠪᠢᠯᠡ᠃

ᠢᠷᠡᠯᠳᠡ᠄ ᠰᠢᠨᠬᠤᠧᠠ ᠮᠣᠩᠭᠣᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120701122254213