蒙古文网站Logo
ᠰᠢᠨᠬᠤᠸᠠ ᠮᠤᠩᠭ᠋ᠤᠯ ᠨᠧᠲ

ᠬᠦᠯᠦᠭ ᠰᠤᠳᠤᠯᠤᠭᠰᠠᠨ ᠬᠦᠮᠦᠨ ᠤ ᠮᠠᠩᠯᠠᠢ

2015-11-28 12:23

    ᠠᠳᠤᠭᠤ ᠪᠤᠯ ᠬᠦᠮᠦᠨ ᠳᠦᠷᠦᠯᠬᠢᠳᠡᠨ ᠤ ᠬᠠᠮᠤᠭ ᠤᠨ ᠦᠨᠡᠨᠴᠢ ᠰᠢᠳᠤᠷᠭᠤ ᠬᠠᠨᠢ ᠂ ᠮᠦᠨ ᠬᠦᠮᠦᠨ ᠳᠦᠷᠦᠯᠬᠢᠳᠡᠨ ᠤ ᠰᠤᠶᠤᠯ ᠤᠨ ᠪᠤᠯᠪᠠᠰᠤᠨ ᠬᠢᠬᠡᠳ ᠳᠡᠤᠬᠡᠨ ᠬᠦᠭ᠍ᠵᠢᠯ ᠳ᠋ᠤ ᠮᠠᠰᠢ ᠶᠡᠬᠡ ᠬᠤᠪᠢ ᠨᠡᠮᠡᠷᠢ ᠦᠵᠡᠬᠦᠯᠦᠭᠰᠡᠨ ᠠᠮᠢᠳᠠᠨ ᠶᠤᠮ ᠃ ᠳᠤᠮᠳᠠᠳᠤ ᠤᠯᠤᠰ ᠨᠢ ᠳᠠᠪᠤᠨ ᠮᠢᠩᠭ᠋᠎ᠠ ᠭᠠᠷᠤᠢ ᠵᠢᠯ ᠤᠨ ᠠᠳᠤᠭᠤ ᠳᠡᠵᠢᠬᠡᠭ᠍ᠰᠡᠨ ᠳᠡᠤᠬᠡ ᠳᠡᠢ ᠪᠡᠷ ᠵᠢᠨᠨ ᠳᠡᠯᠡᠬᠡᠢ ᠵᠢᠨ ᠭᠤᠤᠯ ᠴᠢᠬᠤᠯᠠ ᠠᠳᠤᠭᠤ ᠳᠡᠵᠢᠬᠡᠳᠡᠭ ᠤᠯᠤᠰ ᠪᠤᠯᠵᠠᠢ ᠃ ᠢᠯᠠᠩᠭ᠋ᠤᠶ᠎ᠠ ᠦᠪᠦᠷ ᠮᠤᠩᠭᠤᠯ ᠨᠢ ᠠᠳᠤᠭᠤᠨ ᠤ ᠤᠳᠤᠮᠰᠢᠯ ᠵᠢᠨᠷ ᠮᠠᠰᠢ ᠪᠠᠶᠠᠯᠢᠭ ᠤᠷᠤᠨ ᠪᠤᠯᠤᠨ᠎ᠠ ᠃

    ᠴᠦᠯᠵᠢᠯᠳᠡ ᠵᠢᠨ ᠡᠰᠡᠷᠬᠦ ᠶᠠᠪᠤᠭᠤᠯᠤᠭᠰᠠᠨ ᠳᠦᠷᠦ ᠵᠢᠨ ᠪᠤᠳᠤᠯᠭ᠎ᠠ ᠂ ᠬᠤᠳᠠᠵᠢᠯᠳᠠ ᠂ ᠳᠠᠸᠠᠷ ᠤᠨ ᠬᠡᠷᠡᠭᠴᠡᠬᠡ ᠱᠠᠭᠠᠷᠳᠠᠯᠭ᠎ᠠ ᠵᠡᠷᠬᠡ ᠮᠠᠰᠢ ᠤᠯᠠᠨ ᠰᠢᠯᠳᠠᠭᠠᠨ ᠡᠴᠡ ᠪᠤᠯᠵᠤ ᠮᠤᠩᠭ᠋ᠤᠯ ᠠᠳᠤᠭᠤ ᠤᠯᠠᠮ ᠵᠢᠨᠷ ᠴᠦᠬᠡᠷᠡᠵᠤ ᠪᠠᠶᠢᠭ᠎ᠠ ᠦᠨᠦᠳᠦᠷ ᠂ ᠮᠤᠩᠭ᠋ᠤᠯ ᠬᠦᠮᠦᠨ ᠢ ᠮᠤᠩᠭ᠋ᠤᠯ ᠮᠤᠷᠢ ᠳᠠᠢ ᠨᠢ ᠡᠨ᠋ᠨ ᠳᠡᠯᠡᠬᠡᠢ ᠳ᠋ᠤ ᠦᠯᠡᠳᠡᠬᠡᠬᠦ ᠶᠡᠬᠡ ᠦᠢᠯᠡᠰ ᠤᠨ ᠵᠢᠯᠤᠭᠤ ᠰᠤᠩᠭ᠋ᠠᠭᠰᠠᠨ ᠨᠢᠬᠡᠨ ᠵᠠᠯᠠᠭᠤ ᠡᠷᠳᠡᠮᠳᠡᠨ ᠢ ᠪᠢᠳᠡ ᠤᠩᠰᠢᠭᠴᠢ ᠲᠠ ᠤᠯᠠᠨ ᠳ᠋ᠠᠭᠠᠨ ᠳᠠᠨᠢᠭᠤᠯᠵᠤ ᠪᠠᠶᠢᠨ᠎ᠠ ᠃ ᠡᠨ᠋ᠨ ᠬᠦᠮᠦᠨ ᠪᠤᠯ ᠦᠪᠦᠷ ᠮᠤᠩᠭ᠋ᠤᠯ ᠤᠨ ᠳᠠᠷᠢᠶᠠᠯᠠᠩ ᠤᠨ ᠶᠡᠬᠡ ᠰᠤᠷᠭᠠᠭᠤᠯᠢ ᠵᠢᠨ ᠳᠡᠳ᠋ ᠵᠠᠬᠢᠷᠤᠯ ᠂ ᠳᠤᠮᠳᠠᠳᠤ ᠤᠯᠤᠰ ᠤᠨ ᠠᠳᠤᠭᠤᠨ ᠤ ᠨᠡᠶᠢᠬᠡᠮᠯᠢᠭ᠌ ᠤᠨ ᠬᠦᠢᠴᠡᠳᠬᠡᠬᠦ ᠨᠠᠷᠢᠨ ᠪᠢᠴᠢᠭ᠌ ᠤᠨ ᠳᠠᠷᠤᠭ᠎ᠠ ᠂ ᠮᠠᠯ ᠡᠮᠨᠡᠯᠬᠡ ᠵᠢᠨ ᠤᠬᠠᠭᠠᠨ ᠤ ‍ᠳ᠋ᠤᠺᠲ᠋ᠤᠷ ᠮᠠᠩᠯᠠᠢ ᠪᠤᠯᠤᠨ᠎ᠠ ᠃

    ᠪᠤᠷᠭᠠᠰᠤᠨ ᠮᠤᠷᠢ ᠳᠠᠢ ᠳᠤᠭᠯᠠᠵᠤ ᠦᠰᠦᠭᠰᠡᠨ ᠪᠠᠭ᠎ᠠ ᠨᠠᠰᠤ

    ᠮᠠᠩᠯᠠᠢ 1962 ᠤᠨ ᠤ 8 ᠰᠠᠷ᠎ᠠ ᠵᠢᠨ 9 ᠤ᠋ ᠡᠳᠦᠷ ᠂ ᠰᠢᠯᠢ ᠵᠢᠨ ᠭᠤᠤᠯ ᠠᠶᠢᠮᠠᠭ ᠤᠨ ᠬᠦᠪᠡᠬᠡᠳᠦ ᠰᠢᠷ᠎ᠠ ᠬᠤᠰᠢᠭᠤᠨ ᠤ ᠬᠤᠩᠭ᠋ᠤᠷ ᠠᠭᠤᠯᠠ ᠨᠢᠬᠡᠳᠦᠯ ᠤᠨ ᠬᠦᠷᠳᠦᠨ ᠭᠤᠤᠯ ᠪᠠᠷᠢᠭᠠᠳᠠ ᠵᠢᠨ ᠳᠤᠮᠳᠠ ᠬᠦᠷᠳᠦᠨ ᠬᠡᠮᠡᠬᠦ ᠨᠤᠳᠤᠭ ᠲᠤ ᠂ ᠴᠠᠬᠠᠷ ᠶᠠᠰᠤᠳᠠᠨ ᠤ ᠳᠤᠷᠭᠤᠳ ᠤᠪᠤᠭ ᠤᠨ ᠮᠠᠯᠴᠢᠨ ‍ᠳ᠋ᠤᠩᠭ᠋ᠠᠷᠵᠠᠪ ᠤᠨ ᠬᠦᠪᠡᠬᠦᠨ ᠪᠤᠯᠤᠨ ᠵᠠᠶᠠᠭᠠᠵᠠᠢ ᠃ ᠠᠪᠤ ᠡᠵᠢ ᠡᠴᠡ ᠪᠡᠨ ᠵᠠᠶᠠᠭᠠᠬᠤ ᠳ᠋ᠠᠭᠠᠨ ᠠᠬ᠎ᠠ ᠳᠡᠬᠦᠦ ᠤᠯᠠᠭᠤᠯᠠ ᠪᠠᠶᠢᠭᠰᠠᠨ ᠪᠤᠯᠬᠤᠷ ᠳᠡᠷᠠ ᠳᠤᠮᠤ ᠠᠬ᠎ᠠ ᠵᠢᠨ ᠵᠢᠨᠨ ᠭᠠᠷ ᠳᠡᠬᠡᠷ᠎ᠡ ᠬᠦᠮᠦᠨ ᠪᠤᠯᠪᠠ ᠃ ᠳᠡᠷᠡᠪᠡᠷ ᠳᠠᠪᠤᠨ ᠨᠠᠰᠤᠯᠠᠵᠤ ᠬᠦᠯ ᠨᠢ ᠳᠦᠷᠦᠬᠡᠨ ᠳ᠋ᠤ ᠂ ᠭᠠᠷ ᠨᠢ ᠭᠠᠨᠵᠤᠭᠠᠨ ᠳ᠋ᠤ ᠬᠦᠷᠬᠦ ᠳᠠᠢ ᠵᠡᠷᠬᠡ ᠠᠶᠢᠯ ᠤᠨ ᠬᠡᠤᠬᠡᠳ ᠤᠳ ᠤᠨ ᠬᠠᠮᠳᠤ ᠪᠤᠷᠭᠠᠰᠤᠨ ᠮᠤᠷᠢ ᠳᠤᠪᠳᠤᠯᠭᠠᠵᠤ ᠠᠳᠤᠭᠤ ᠬᠠᠷᠢᠭᠤᠯᠬᠤ ᠂ ᠡᠮᠨᠢᠭ᠌᠌ ᠰᠤᠷᠭᠠᠬᠤ ᠮᠡᠳᠤ ᠪᠡᠷ ᠳᠤᠭᠯᠠᠵᠤ ᠶᠠᠪᠤᠬᠤ ᠪᠤᠯᠵᠠᠢ ᠃ ᠠᠶᠢᠯ ᠤᠨ ᠵᠠᠬ᠎ᠠ ᠡᠴᠡ ᠳᠤᠭᠤᠯ ᠤᠨ ᠪᠡᠯᠴᠢᠬᠡᠷ ᠬᠦᠷᠳᠡᠯ᠎ᠡ ᠳᠠᠪᠬᠢᠭᠤᠯᠵᠤ ᠶᠠᠪᠤᠳᠠᠭ ᠨᠢ ᠳᠡᠬᠦᠨ ᠤ ᠬᠠᠮᠤᠭ ᠤᠨ ᠵᠢᠷᠭᠠᠯ ᠳᠠᠢ ᠠᠵᠤ ᠪᠠᠶᠢᠯ᠎ᠠ ᠬᠡᠰᠡᠨ ᠃

    ᠡᠷ᠎ᠡ ᠦᠰᠴᠤ ᠢᠰᠡᠬᠡᠢ ᠰᠤᠨᠤᠭᠠᠳ ᠢᠷᠡᠬᠦ ᠪᠡᠷ ᠪᠤᠷᠭᠠᠰᠤᠨ ᠮᠤᠷᠢ ᠨᠢ ᠳᠡᠬᠦᠨ ᠳ᠋ᠤ ᠠᠶᠠᠷ ᠭᠤᠯᠤᠭᠳᠠᠵᠤ ᠂ ᠳᠤᠮᠤᠴᠤᠤᠯ ᠤᠨ ᠤᠨᠤᠭᠠᠨ ᠤ ᠮᠤᠷᠢ ᠳᠡᠬᠦᠨ ᠤ ᠬᠦᠰᠡᠯ ᠮᠦᠷᠦᠬᠡᠳᠦᠯ ᠨᠢ ᠪᠤᠯᠵᠤ ᠂ ᠠᠯᠢ ᠨᠢᠬᠡ ᠡᠳᠦᠷ ᠠᠳᠤᠭᠤᠴᠢᠨ ᠪᠤᠯᠤᠭᠠᠳ ᠠᠳᠠᠷ ᠤᠨ ᠠᠭᠤᠳᠠᠮ ᠳ᠋ᠤ ᠳᠤᠷ᠎ᠠ ᠪᠡᠷ ᠳᠠᠪᠬᠢᠭᠤᠯᠵᠤ ᠶᠠᠪᠤᠨ᠎ᠠ ᠬᠡᠵᠤ ᠪᠤᠳᠤᠬᠤ ᠪᠤᠯᠪᠠ ᠃ ᠳᠡᠷᠠ ᠠᠬ᠎ᠠ ᠵᠢᠨ ᠵᠢᠨᠨ ᠬᠡᠷ ᠵᠠᠭᠤᠷ᠎ᠠ ᠵᠢᠨ ᠠᠵᠢᠯ ᠬᠡᠷᠡᠭ ᠲᠤ ᠳᠤᠰᠠ ᠳᠡᠮ ᠪᠤᠯᠵᠤ ᠶᠠᠪᠤᠬᠤ ᠳ᠋ᠠᠭᠠᠨ ᠂ ᠬᠠᠮᠤᠭ ᠡᠴᠡ ᠪᠠᠬᠠᠳᠠᠢ ᠬᠢᠳᠡᠭ ᠠᠵᠢᠯ ᠨᠢ ᠮᠦᠨ ᠠᠳᠤᠭᠤ ᠮᠠᠯ ᠬᠠᠷᠢᠭᠤᠯᠬᠤ ᠠᠵᠢᠯ ᠪᠠᠶᠢᠪᠠ ᠃ ᠤᠨᠴᠠᠭᠠᠶᠢᠯᠠᠨ ᠮᠤᠷᠢᠨ ᠳ᠋ᠤ ᠮᠠᠰᠢ ᠬᠤᠷᠤᠬᠠᠢ ᠳᠠᠢ ᠪᠠᠶᠢᠭᠰᠠᠨ ᠳᠡᠷᠡᠪᠡᠷ ᠂ ᠠᠬ᠎ᠠ ᠨᠢ ᠬᠡᠷ ᠲᠡᠬᠡᠨ ᠪᠠᠶᠢᠬᠤ ᠦᠬᠡᠢ ᠦᠶ᠎ᠡ ᠳ᠋ᠤ ᠦᠷ ᠵᠢᠨᠷ ᠪᠤᠰᠴᠤ ᠮᠤᠷᠢ ᠪᠡᠨ ᠪᠡᠯᠴᠢᠬᠡᠷ ᠲᠤ ᠭᠠᠷᠭᠠᠵᠤ ᠳᠠᠯᠪᠢᠴᠢᠬᠠᠭᠠᠳ ᠨᠠᠷᠠᠨ ᠤ ᠦᠶ᠎ᠡ ᠪᠡᠷ ᠳᠠᠬᠢᠨ ᠪᠠᠷᠢᠵᠤ ᠠᠪᠴᠢᠷᠠᠨ᠎ᠠ ᠂ ᠠᠳᠤᠭᠤ ᠶᠠᠮᠠᠷ ᠡᠪᠡᠰᠤ ᠢᠳᠡᠳᠡᠭ ᠂ ᠬᠠᠮᠢᠭᠠᠰᠢ ᠪᠡᠯᠴᠢᠬᠦ ᠳᠤᠷᠠᠳᠠᠢ ᠪᠠᠶᠢᠳᠠᠭ ᠢ ᠡᠨ᠋ᠨ ᠯᠠ ᠦᠶ᠎ᠡ ᠳ᠋ᠤ ᠤᠶᠢᠯᠠᠭᠠᠭᠰᠠᠨ ᠳᠡᠳᠦᠢ ᠦᠬᠡᠢ ᠂ ᠮᠤᠷᠢ ᠤᠨᠠᠬᠤ ᠮᠡᠷᠬᠡᠵᠢᠯ ᠨᠢ ᠴᠤ ᠡᠨ᠋ᠨ ᠦᠶ᠎ᠡ ᠳ᠋ᠤ ᠮᠠᠰᠢ ᠶᠡᠬᠡ ᠳᠡᠬᠡᠭ᠍ᠰᠢᠯᠡᠭᠰᠡᠨ ᠶᠤᠮ ᠃ ᠰᠤᠷᠭᠠᠭᠤᠯᠢ ᠳ᠋ᠤ ᠰᠤᠷᠴᠤ ᠪᠠᠶᠢᠬᠤ ᠳ᠋ᠠᠭᠠᠨ ᠠᠳᠤᠭᠤ ᠳᠡᠯᠡᠯᠬᠦ ᠂ ᠠᠳᠤᠭᠤ ᠳᠠᠮᠠᠭᠠᠯᠠᠬᠤ ᠴᠢᠮᠡᠬᠡ ᠪᠡᠷ ᠤᠷᠭᠤᠨ ᠭᠠᠷᠴᠤ ᠢᠷᠡᠬᠡᠳ ᠳᠡᠷᠠ ᠶᠡᠬᠡ ᠦᠢᠮᠡᠬᠡᠨ ᠳ᠋ᠤ ᠬᠦᠯ ᠨᠡᠶᠢᠯᠡᠬᠦᠯᠳᠡᠭ ᠪᠠᠶᠢᠭᠰᠠᠨ ᠬᠡᠨ᠎ᠡ ᠃ ᠳᠡᠷᠠ ᠢᠩᠬᠢᠵᠤ ᠯᠠ ᠤᠳᠤᠮ ᠢᠵᠠᠭᠤᠷ ᠂ ᠡᠰ ᠴᠢᠰᠤᠨ ᠳ᠋ᠤ ᠰᠢᠩᠬᠡᠭ᠍ᠰᠡᠨ ᠬᠠᠶᠢᠷ᠎ᠠ ᠰᠡᠳᠬᠢᠯ ᠵᠢᠨᠷ ᠠᠳᠤᠭᠤ ᠵᠢ ᠪᠠᠬᠠᠷᠬᠠᠨ ᠬᠠᠶᠢᠷᠠᠯᠠᠵᠤ ᠂ ᠬᠠᠷᠠᠨ ᠪᠠᠶᠠᠰᠴᠤ ᠶᠠᠪᠤᠭᠰᠠᠨ ᠪᠤᠯ ᠂ ᠬᠤᠵᠢᠮ ᠨᠢ ᠠᠳᠤᠭᠤᠨ ᠤ ᠰᠤᠳᠤᠯᠭᠠᠨ ᠵᠢᠨᠷ ᠳᠡᠯᠡᠬᠡᠢ ᠵᠢᠨ ᠳᠠᠪᠴᠠᠩ ᠳ᠋ᠤ ᠨᠡᠷᠡᠳᠡᠢ ᠡᠷᠳᠡᠮᠳᠡᠨ ᠪᠤᠯᠵᠤ ᠂ ᠤᠳᠤ ᠮᠤᠩᠭ᠋ᠤᠯ ᠠᠳᠤᠭᠤ ᠵᠢ ᠬᠠᠮᠠᠭᠠᠯᠠᠵᠤ ᠦᠷᠡᠵᠢᠬᠦᠯᠬᠦ ᠠᠤᠭ᠎ᠠ ᠦᠢᠯᠡᠰ ᠲᠤ ᠰᠢᠭᠤᠷᠬᠠᠢ ᠵᠢᠳᠬᠦᠵᠤ ᠶᠠᠪᠤᠨ᠎ᠠ ᠃

    ᠶᠡᠬᠡ ᠡᠷᠢᠯ ᠤᠨ ᠵᠢᠯᠤᠭᠤ ᠰᠤᠩᠭ᠋ᠠᠭᠰᠠᠨ ᠵᠠᠯᠠᠭᠤ ᠨᠠᠰᠤ

    ᠳᠠᠬᠤ ᠵᠢᠨ ᠳᠤᠳᠤᠷ᠎ᠠ ᠡᠴᠡ ᠬᠦᠮᠦᠨ ᠬᠦᠮᠦᠵᠢᠵᠤ ᠂ ᠳᠠᠭᠠᠷᠢ ᠵᠢᠨ ᠳᠤᠳᠤᠷ᠎ᠠ ᠡᠴᠡ ᠬᠦᠯᠦᠭ ᠳᠤᠳᠤᠷᠠᠳᠠᠭ᠃ 1981 ᠤᠨ ᠤ ᠨᠠᠮᠤᠷ ᠵᠢᠨᠷ ᠮᠠᠩᠯᠠᠢ ᠠᠮᠢᠨ ᠬᠠᠶᠢᠷᠠᠳᠠᠢ ᠦᠯᠦᠬᠡᠢ ᠨᠤᠳᠤᠭ ᠡᠴᠡ ᠪᠡᠨ ᠰᠠᠯᠵᠤ ᠂ ᠤᠷᠤᠨ ᠤ ᠳᠦᠪ ᠬᠦᠬᠡᠬᠤᠳᠠ ᠵᠢᠨ ᠳᠠᠷᠢᠶᠠᠯᠠᠩ ᠤᠨ ᠳᠡᠬᠡᠳᠤ ᠰᠤᠷᠭᠠᠭᠤᠯᠢ ᠳ᠋ᠤ ᠰᠤᠷᠤᠯᠴᠠᠬᠤ ᠪᠤᠯᠤᠯ᠎ᠠ ᠃ ᠶᠡᠬᠡ ᠰᠤᠷᠭᠠᠭᠤᠯᠢ ᠵᠢᠨ ᠵᠢᠨᠨ ᠳᠠᠪᠤᠨ ᠵᠢᠯ ᠢ ᠳᠡᠷᠠ ᠦᠵᠦᠬᠦᠷ ᠰᠤᠷᠤᠯᠭ᠎ᠠ ᠪᠡᠷ ᠳᠤᠭᠤᠯᠵᠤ ᠶᠠᠪᠤᠪᠠ ᠃ ᠬᠠᠷᠠᠬᠠᠨ ᠪᠠᠭ᠎ᠠ ᠡᠴᠡ ᠪᠡᠨ ᠰᠦᠷᠦᠭ ᠤᠨ ᠵᠠᠬ᠎ᠠ ᠳ᠋ᠤ ᠦᠰᠦᠭᠰᠡᠨ ᠮᠠᠯᠴᠢᠨ ᠠᠶᠢᠯ ᠤᠨ ᠬᠡᠤᠬᠡᠳ ᠮᠠᠩᠯᠠᠢ ᠵᠢᠨ ᠬᠤᠪᠢ ᠳ᠋ᠤ ᠂ ᠮᠠᠯ ᠳᠡᠵᠢᠬᠡᠪᠦᠷᠢ ᠵᠢᠨ ᠬᠠᠮᠢᠶᠠᠳᠠᠢ ᠬᠢᠴᠢᠶᠡᠯ ᠳᠦᠷᠦᠯ ᠨᠢ ᠤᠯᠠᠮ ᠰᠤᠨᠢᠷᠬᠠᠯᠳᠠᠢ ᠰᠠᠨᠠᠭᠳᠠᠵᠤ ᠪᠠᠶᠢᠯ᠎ᠠ ᠃ ᠬᠡᠬᠦ ‍ᠳ᠋ᠡᠬᠡᠨ ᠮᠠᠯ ᠤᠨ ᠡᠬᠦᠯᠳᠡᠷ ᠪᠤᠶᠢᠵᠢᠭᠤᠯᠬᠤ ᠤᠬᠠᠭᠠᠨ ᠂ ᠦᠷᠡᠵᠢᠬᠦᠯᠬᠡ ᠵᠢᠨ ᠤᠬᠠᠭᠠᠨ ᠵᠡᠷᠬᠡ ᠬᠢᠴᠢᠶᠡᠯ ᠳᠦᠷᠦᠯ ᠡᠴᠡ ᠤᠳᠤᠮᠰᠢᠯ ᠤᠨ ᠤᠬᠠᠭᠠᠨ ᠬᠡᠳᠡᠭ ᠬᠢᠴᠢᠶᠡᠯ ᠳᠡᠬᠦᠨ ᠤ ᠰᠤᠨᠢᠷᠬᠠᠯ ᠢ ᠪᠦᠷ ᠢᠯᠡᠬᠦᠦ ᠳᠠᠳᠠᠵᠤ ᠪᠠᠶᠢᠪᠠ ᠃ ᠢᠩᠬᠢᠬᠡᠳ 1986 ᠤᠨ ᠳ᠋ᠤ ᠵᠡᠬᠦᠨ ᠬᠤᠶᠢᠳᠤ ᠵᠢᠨ ᠬᠦᠳᠡᠬᠡ ᠠᠵᠤ ᠠᠬᠤᠢ ᠵᠢᠨ ᠶᠡᠬᠡ ᠰᠤᠷᠭᠠᠭᠤᠯᠢ(ᠬᠠᠷᠪᠢᠨ ᠬᠤᠳᠠ) ᠳ᠋ᠤ ᠠᠰᠫᠢᠷᠠᠨᠲ ᠪᠡᠷ ᠡᠯᠰᠡᠬᠦᠯᠵᠤ ᠂ ᠳᠤᠮᠳᠠᠳᠤ ᠤᠯᠤᠰ ᠤᠨ ᠴᠦᠬᠡᠨ ᠬᠡᠳᠦᠨ ᠤᠳᠤᠮᠰᠢᠯ ᠤᠨ ᠤᠬᠠᠭᠠᠨ ᠤ ‍ᠫᠷᠤᠹᠸᠰᠰᠤᠷ ᠱᠸᠩ ᠵᠢᠢ ᠯᠢᠶᠠᠨ ᠤ ᠭᠠᠷ ᠤᠨ ᠱᠠᠪᠢ ᠪᠤᠯᠵᠠᠢ ᠃ ᠳᠡᠷᠡᠪᠡᠷ ᠱᠸᠩ ᠵᠢᠢ ᠯᠢᠶᠠᠨ ᠫᠷᠤᠹᠸᠰᠰᠤᠷ ᠤᠨ ᠵᠢᠭᠠᠨ ᠵᠢᠯᠤᠭᠤᠳᠤᠯᠭ᠎ᠠ ᠳᠤᠤᠷ᠎ᠠ᠂ ᠠᠮᠢᠳᠠᠨ ᠤ ᠳᠤᠭᠠᠨ ᠤ ᠤᠳᠤᠮᠰᠢᠯ ᠤᠨ ᠤᠬᠠᠭᠠᠨᠨ ᠤ ᠬᠠᠮᠢᠶ᠎ᠠ ᠪᠦᠬᠦᠢ ᠮᠡᠷᠬᠡᠵᠢᠯ ᠤᠨ ᠤᠨᠤᠯ ᠮᠡᠳᠡᠯᠬᠡ ᠵᠢ ᠪᠦᠬᠦ ᠳᠠᠯ᠎ᠠ ᠪᠡᠷ ᠬᠦᠨᠵᠡᠬᠡᠢ ᠰᠤᠷᠴᠤ ᠡᠵᠡᠮᠰᠢᠬᠦ ᠵᠢᠨ ᠳᠠᠭᠠᠤ ᠱᠸᠩ ᠪᠠᠭᠰᠢ ᠵᠢᠨ ᠭᠠᠷᠳᠠᠵᠤ ᠬᠢᠵᠤ ᠪᠠᠶᠢᠭᠰᠠᠨ ᠰᠢᠨᠵᠢᠯᠡᠬᠦ ᠤᠬᠠᠭᠠᠨ ᠤ ᠰᠢᠪᠳᠤᠯᠤᠯᠳᠠ ᠵᠢᠨ ᠴᠢᠨᠠᠷᠳᠠᠢ ᠰᠡᠳᠦᠪ ᠲᠤ ᠪᠡᠶ᠎ᠡ ᠪᠡᠷ ᠤᠷᠤᠯᠴᠠᠵᠤ ᠂ ᠰᠢᠨᠵᠢᠯᠡᠬᠦ ᠤᠬᠠᠭᠠᠨᠴᠢ ᠰᠤᠳᠤᠯᠭᠠᠨ ᠤ ᠠᠷᠭ᠎ᠠ ᠵᠢ ᠴᠤ ᠰᠤᠷᠴᠤ ᠡᠵᠡᠮᠰᠢᠭᠰᠡᠨ ᠪᠠᠶᠢᠨ᠎ᠠ ᠃

    ᠡᠶᠢᠨᠬᠦ ᠭᠤᠷᠪᠠᠨ ᠵᠢᠯ ᠤᠨ ᠬᠢᠴᠢᠶᠡᠯ ᠰᠤᠷᠤᠯᠭ᠎ᠠ ᠪᠡᠨ ᠮᠠᠩᠯᠠᠢ ᠭᠤᠸᠠᠢ ᠰᠢᠯᠢᠳᠡᠭ ᠠᠮᠵᠢᠯᠳᠠ ᠳᠠᠢ ᠪᠡᠷ ᠳᠡᠬᠦᠰᠬᠡᠵᠤ ᠂ ᠡᠬᠦᠯᠳᠡᠷ ᠬᠠᠮᠠᠭᠠᠯᠠᠬᠤ ᠤᠨᠤᠯ ᠤᠨ ᠵᠠᠳᠠᠯᠤᠯᠳᠠ ᠪᠤᠯᠤᠨ ᠰᠢᠨ᠎ᠡ ᠬᠠᠶᠢᠯᠳᠠ ᠬᠡᠮᠡᠬᠦ ᠳᠡᠬᠦᠰᠬᠦ ᠦᠬᠦᠯᠡᠯ ᠨᠢ ᠡᠷᠳᠡᠮᠳᠡᠨ ᠫᠷᠤᠹᠸᠰᠰᠤᠷ ᠤᠨ ᠦᠨᠳᠦᠷ ᠦᠨᠡᠯᠡᠯᠳᠡ ᠵᠢ ᠬᠦᠷᠳᠡᠪᠡ ᠃ ᠤᠭ ᠦᠬᠦᠯᠡᠯ ᠤᠨ ᠵᠢᠨᠨ ᠰᠠᠭᠤᠷᠢᠨ ᠳᠡᠬᠡᠷ᠎ᠡ ᠳᠡᠷᠡᠪᠡᠷ ᠳᠤᠮᠳᠠᠳᠤ ᠤᠯᠤᠰ ᠤᠨ ᠭᠠᠬᠠᠢ ᠵᠢᠨ ᠡᠬᠦᠯᠳᠡᠷ ᠤᠨ ᠡᠬᠢ ᠪᠠᠶᠠᠯᠢᠭ ᠢ ᠬᠠᠮᠠᠭᠠᠯᠠᠬᠤ ᠰᠢᠰᠲ᠋ᠸᠮᠳᠤ ᠢᠨᠵᠸᠨ᠋ᠸᠷᠢᠩ ᠤᠨ ᠤᠨᠤᠯ ᠬᠡᠮᠡᠬᠦ ᠳᠤᠰᠭᠠᠢ ᠰᠤᠳᠤᠯᠠᠭ᠎ᠠ ᠵᠢ ᠬᠢᠵᠤ ᠂ ᠨᠤᠳᠤᠭ ᠤᠨ ᠡᠬᠦᠯᠳᠡᠷ ᠬᠠᠮᠠᠭᠠᠯᠠᠬᠤ ᠵᠤᠷᠢᠯᠭ᠎ᠠ ᠂ ᠠᠷᠭ᠎ᠠ ᠪᠤᠯᠤᠨ ᠡᠬᠦᠯᠳᠡᠷ ᠬᠠᠮᠠᠭᠠᠯᠠᠬᠤ ᠤᠨᠤᠯ ᠤᠨ ᠪᠤᠳᠠᠳᠠᠢ ᠬᠡᠷᠡᠭᠯᠡᠬᠡᠨ ᠳ᠋ᠡᠬᠢ ᠦᠢᠯᠡᠳᠦᠯ ᠤᠨ ᠳᠠᠯ᠎ᠠ ᠪᠡᠷ ᠨᠡᠯᠢᠶᠡᠳ ᠨᠠᠷᠢᠨ ᠬᠠᠶᠢᠨ ᠰᠢᠨᠵᠢᠯᠡᠭᠰᠡᠨ ᠪᠠᠶᠢᠨ᠎ᠠ ᠃ ᠮᠦᠨ ᠡᠬᠦᠯᠳᠡᠷ ᠬᠠᠮᠠᠭᠠᠯᠠᠬᠤ ᠤᠨᠤᠯ ᠤᠨ ᠪᠤᠳᠠᠳᠠᠢ ᠬᠡᠷᠡᠭᠯᠡᠬᠡᠨ ᠳ᠋ᠡᠬᠢ ᠦᠢᠯᠡᠳᠦᠯ ᠤᠨ ᠪᠦᠷᠢᠨ ᠬᠦᠢᠴᠡᠳ ᠪᠤᠰᠤ ᠳᠠᠯ᠎ᠠ ᠵᠢ ᠳᠤᠷᠠᠳᠤᠨ ᠭᠠᠷᠭᠠᠭᠰᠠᠨ ᠪᠠ ᠳᠤᠮᠳᠠᠳᠤ ᠤᠯᠤᠰ ᠤᠨ ᠤᠨᠴᠠᠯᠢᠭ ᠲᠤ ᠳᠤᠬᠢᠷᠠᠭᠰᠠᠨ ᠰᠢᠰᠲ᠋ᠸᠮ ᠳᠠᠢ ᠂ ᠪᠤᠯᠪᠠᠰᠤᠷᠠᠩᠭ᠋ᠤᠢ ᠂ ᠠᠰᠢᠭᠯᠠᠮᠵᠢ ᠦᠨᠳᠦᠷ ᠡᠬᠦᠯᠳᠡᠷ ᠬᠠᠮᠠᠭᠠᠯᠠᠬᠤ ᠰᠢᠨ᠎ᠡ ᠤᠨᠤᠯ ᠢ ᠰᠤᠳᠤᠯᠤᠨ ᠭᠠᠷᠭᠠᠬᠤ ᠴᠢᠬᠤᠯᠠ ᠳᠠᠢ ᠬᠡᠵᠤ ᠦᠪᠡᠷ ᠤᠨ ᠦᠵᠡᠯᠳᠡ ᠪᠡᠨ ᠳᠤᠳᠤᠷᠬᠠᠢ ᠳᠤᠷᠠᠳᠴᠠᠢ ᠃

    1990 ᠤᠨ ᠳ᠋ᠤ ᠮᠠᠩᠯᠠᠢ ᠵᠡᠬᠦᠨ ᠬᠤᠶᠢᠳᠤ ᠵᠢᠨ ᠬᠦᠳᠡᠬᠡ ᠠᠵᠤ ᠠᠬᠤᠢ ᠶᠢᠨ ᠶᠡᠬᠡ ᠰᠤᠷᠭᠠᠭᠤᠯᠢ ᠳ᠋ᠤ ‍ᠳ᠋ᠤᠺᠲ᠋ᠤᠷᠠᠨᠲ ᠪᠡᠷ ᠡᠯᠰᠡᠬᠦᠯᠵᠤ ᠂ ᠳᠠᠬᠢᠨᠳᠠ ᠱᠸᠩ ᠵᠢᠢ ᠯᠢᠶᠠᠨ ᠫᠷᠤᠹᠸᠰᠰᠤᠷ ᠤᠨ ᠭᠠᠷ ᠤᠨ ᠱᠠᠪᠢ ᠪᠤᠯᠪᠠ ᠃ ᠳᠤᠬᠠᠢ ᠵᠢᠨ ᠦᠶ᠎ᠡ ᠳ᠋ᠤ ᠫᠷᠤᠹᠸᠰᠰᠤᠷ ᠪᠠᠭᠰᠢ ᠨᠢ《ᠳᠤᠮᠳᠠᠳᠤ ᠤᠯᠤᠰ ᠤᠨ ᠨᠠᠢᠮᠠᠳᠤᠭᠠᠷ ᠳᠠᠪᠤᠨ ᠵᠢᠯ ᠤᠨ ᠳᠦᠯᠦᠪᠯᠡᠬᠡᠨ ᠤ ᠰᠢᠨᠵᠢᠯᠡᠬᠦ ᠤᠬᠠᠭᠠᠨ ᠤ ᠰᠢᠪᠳᠤᠯᠤᠯᠳᠠ ᠵᠢᠨ ᠰᠡᠳᠦᠪ》 ᠬᠡᠮᠡᠬᠦ ᠡᠷᠳᠡᠮ ᠰᠢᠨᠵᠢᠯᠡᠬᠡᠨ ᠤ ᠰᠡᠳᠦᠪ ᠪᠡᠷ ᠰᠤᠳᠤᠯᠭ᠎ᠠ ᠬᠢᠬᠦ ᠡᠬᠦᠷᠬᠡ ᠵᠢ ᠰᠠᠶ‍ᠢᠬᠠᠨ ᠬᠦᠯᠢᠶᠡᠵᠤ ᠠᠪᠤᠭᠠᠳ ᠪᠠᠶᠢᠪᠠ ᠃ ᠮᠠᠩᠯᠠᠢ ᠳᠠᠢ ᠠᠭᠤᠯᠵᠠᠮᠠᠭᠴᠠ᠄《ᠵᠠ ᠂ ᠴᠢ ᠮᠦᠨ ᠵᠠᠯᠭᠠᠭᠠᠳ ᠭᠠᠬᠠᠢ ᠵᠢ ᠰᠤᠳᠤᠯᠤᠨ᠎ᠠ》 ᠬᠡᠮᠡᠬᠡᠳ ᠡᠨᠡᠬᠦ ᠰᠤᠳᠤᠯᠭᠠᠨ ᠤ ᠰᠡᠳᠦᠪ ᠵᠢᠨᠨ ᠳᠤᠰᠢᠶᠠᠭᠰᠠᠨ ᠬᠡᠨ᠎ᠡ ᠃ ᠠᠮᠢᠳᠠᠨ ᠤ ᠤᠳᠤᠮᠰᠢᠯ ᠤᠨ ᠡᠬᠢ ᠪᠠᠶᠠᠯᠢᠭ ᠢ ᠬᠠᠮᠠᠭᠠᠯᠠᠬᠤ ᠪᠠ ᠬᠡᠷᠡᠭᠯᠡᠬᠦ ᠰᠤᠳᠤᠯᠭᠠᠨ ᠤ ᠬᠦᠷᠢᠶᠡᠨ ᠳ᠋ᠡᠬᠢ ᠵᠠᠩᠬᠢᠯᠭ᠎ᠠ ᠵᠢᠨ ᠴᠢᠨᠠᠷᠳᠠᠢ ᠠᠰᠠᠭᠤᠳᠠᠯ ᠪᠤᠯᠬᠤ ᠡᠨ᠋ᠨ ᠰᠡᠳᠦᠪ ᠢ ᠵᠠᠭᠤᠨ ᠵᠢᠯ ᠤᠨ ᠳᠤᠷᠰᠢ ᠰᠢᠢᠳᠪᠦᠷᠢᠯᠡᠵᠤ ᠴᠢᠳᠠᠭ᠎ᠠ ᠦᠬᠡᠢ ᠪᠠᠶᠢᠭᠰᠠᠨ ᠪᠤᠯᠬᠤᠷ ᠂ ᠨᠢᠬᠡ ᠳᠠᠯ᠎ᠠ ᠪᠡᠷ ᠳᠡᠬᠦᠨ ᠳ᠋ᠤ ᠠᠵᠠ ᠳᠤᠬᠢᠶᠠᠭᠰᠠᠨ ᠤᠴᠢᠷ ᠬᠡᠬᠦᠯᠡᠷ ᠪᠠᠰᠠ ᠨᠢᠬᠡ ᠳᠠᠯ᠎ᠠ ᠪᠡᠷ ᠮᠠᠰᠢ ᠶᠡᠬᠡ ᠳᠠᠷᠤᠮᠳᠠ ᠵᠢ ᠠᠪᠴᠢᠷᠠᠭᠰᠠᠨ ᠪᠠᠶᠢᠯ᠎ᠠ ᠃ ᠳᠡᠷᠡᠪᠡᠷ ᠦᠷᠬᠡᠨ ᠮᠡᠳᠡᠯᠬᠡ ᠬᠢᠬᠡᠳ ᠦᠩᠬᠡᠷᠡᠭᠰᠡᠨ ᠰᠤᠳᠤᠯᠭᠠᠨ ᠤ ᠳᠤᠷᠰᠢᠯᠭ᠎ᠠ ᠳ᠋ᠠᠭᠠᠨ ᠳᠦᠰᠢᠭᠯᠡᠨ ᠭᠤᠷᠪᠠᠨ ᠵᠢᠯ ᠤᠨ ᠳᠤᠷᠰᠢ ᠠᠮᠠᠷᠠᠯᠳᠠ ᠂ ᠪᠠᠶᠠᠷ ᠳᠤᠷᠠᠰᠬᠠᠯ ᠤᠨ ᠡᠳᠦᠷ ᠬᠡᠵᠤ ᠪᠠᠶᠢᠬᠤ ᠦᠬᠡᠢ ᠂ ᠳᠡᠷᠡᠴᠢᠯᠡᠨ ᠡᠳᠦᠷ ᠰᠦᠨᠢ ᠵᠢ ᠳᠡᠮᠡᠴᠡᠨ ᠪᠠᠶᠢᠵᠤ ᠂ ᠡᠴᠤᠰ ᠳᠤᠨᠢ ᠡᠨᠡᠬᠦ ᠰᠤᠳᠤᠯᠭᠠᠨ ᠤ ᠠᠵᠢᠯ ᠵᠢᠨᠨ ᠠᠮᠵᠢᠯᠳᠠ ᠳᠠᠢ ᠳᠠᠭᠤᠰᠬᠠᠵᠠᠢ ᠃

    ᠮᠠᠩᠯᠠᠢ ᠮᠠᠯᠴᠢᠨ ᠠᠶᠢᠯ ᠤᠨ ᠬᠡᠤᠬᠡᠳ ᠪᠤᠯᠤᠭᠰᠠᠨ ᠤ ᠬᠤᠪᠢ ᠳ᠋ᠤ ᠠᠳᠤᠭᠤ ᠮᠠᠯ ᠳᠠᠢ ᠤᠶᠢᠷ᠎ᠠ ᠦᠰᠴᠤ ᠂ ᠠᠳᠤᠭᠤᠨ ᠳ᠋ᠤ ᠤᠨᠴᠠ ᠵᠢᠨ ᠬᠠᠶᠢᠷᠠᠳᠠᠢ ᠶᠠᠪᠤᠵᠠᠢ ᠃ ᠬᠡᠬᠦ ᠳ᠋ᠤ ᠭᠠᠬᠠᠢ ᠪᠡᠷ ᠳᠤᠷᠰᠢᠯᠳᠠ ᠵᠢᠨ ᠠᠮᠢᠳᠠᠨ ᠪᠤᠯᠭᠠᠵᠤ ᠤᠳᠤᠮᠰᠢᠯ ᠬᠠᠮᠠᠭᠠᠯᠠᠵᠤ ᠂ ᠡᠬᠦᠯᠳᠡᠷ ᠪᠤᠶᠢᠵᠢᠭᠤᠯᠬᠤ ᠰᠢᠨ᠎ᠡ ᠠᠷᠭ᠎ᠠ ᠵᠢ ᠡᠷᠡᠯᠬᠢᠯᠡᠭᠰᠡᠨ ᠶᠠᠪᠤᠳᠠᠯ ᠨᠢ ᠬᠠᠶᠠ ᠳᠡᠬᠦᠨ ᠤ ᠳᠤᠷ᠎ᠠ ᠦᠬᠡᠶᠢᠴᠡᠯ ᠢ ᠬᠦᠷᠬᠡᠵᠤ ᠪᠠᠶᠢᠯ᠎ᠠ ᠬᠡᠰᠡᠨ ᠃ ᠤᠨᠴᠠᠭᠠᠶᠢᠯᠠᠨ ᠬᠦᠳᠡᠬᠡ ᠨᠤᠳᠤᠭ ᠲᠤ ᠠᠳᠤᠭᠤᠨ ᠰᠦᠷᠦᠭ ᠤᠨ ᠪᠠᠷ᠎ᠠ ᠴᠦᠬᠡᠷᠡᠵᠤ ᠂ ᠠᠶᠢᠯ ᠠᠶᠢᠮᠠᠭ ᠤᠨ ᠬᠢᠨᠢ ᠤᠶᠠᠭᠠᠨ ᠳᠡᠬᠡᠷ᠎ᠡ ᠤᠨᠤᠭᠠᠨ ᠤ ᠮᠤᠷᠢ ᠬᠠᠷᠠᠭᠳᠠᠬᠤ ᠦᠬᠡᠢ ᠪᠤᠯᠤᠭᠰᠠᠨ ᠶᠠᠪᠤᠳᠠᠯ ᠨᠢ ᠳᠡᠬᠦᠨ ᠤ ᠰᠡᠳᠬᠢᠯ ᠢ ᠰᠢᠨᠠᠯᠭᠠᠵᠤ ᠪᠠᠶᠢᠪᠠ ᠃ ᠤᠷᠢ ᠵᠠᠯᠠᠭᠤ ᠨᠠᠰᠤᠨ ᠡᠴᠡ ᠪᠡᠨ ᠭᠤᠴᠢᠨ ᠵᠢᠯ ᠤᠨ ᠳᠤᠷᠰᠢ ᠨᠠᠷᠠ ᠬᠤᠷ᠎ᠠ ᠂ ᠴᠠᠰᠤ ᠵᠤᠳ ᠳᠠᠢ ᠳᠦᠷᠪᠡᠨ ᠤᠯᠠᠷᠢᠯ ᠢ ᠳᠦᠷᠦᠬᠡᠨ ᠳᠡᠬᠡᠷ᠎ᠡ ᠡᠯᠡᠬᠡᠭ᠍ᠰᠡᠨ ᠠᠳᠤᠭᠤᠴᠢᠨ ᠠᠬ᠎ᠠ ᠵᠢᠨ ᠵᠢᠨᠨ ᠭᠤᠨᠢᠭ ᠢ ᠨᠢᠳᠤ ᠪᠡᠷ ᠬᠠᠷᠠᠵᠤ ᠪᠦᠷ ᠴᠤ ᠰᠡᠳᠬᠢᠯ ᠵᠢᠨᠷ ᠤᠨᠠᠪᠠ ᠃ ᠠᠳᠤᠭᠤᠨ ᠤ ᠢᠷᠡᠬᠡᠳᠦᠢ ᠤᠨ ᠬᠤᠪᠢ ᠵᠠᠶᠠᠭᠠᠨ ᠤ ᠳᠦᠯᠦᠬᠡ ᠰᠠᠨᠠᠭᠠᠰᠢᠷᠠᠵᠤ ᠶᠠᠪᠤᠭᠰᠠᠨ ᠠᠬ᠎ᠠ ᠨᠢ ᠂ ᠶᠡᠷᠦ ᠡᠴᠡ ᠠᠷᠢᠬᠢ ᠤᠤᠭᠤᠳᠠᠭ ᠦᠬᠡᠢ ᠬᠦᠮᠦᠨ ᠨᠢᠬᠡ ᠤᠳᠠᠭ᠎ᠠ ᠴᠢᠯᠠᠭᠤᠨ ᠢᠷᠤᠭᠠᠷ ᠳᠠᠢ ᠬᠡᠮᠡᠭᠳᠡᠭᠰᠡᠨ ᠪᠢᠯᠢᠭ᠌ ᠤᠨ ᠬᠤᠳᠳᠤᠭ ᠳᠡᠬᠡᠷ᠎ᠡ ᠬᠦᠷᠳᠦᠨ ᠭᠤᠤᠯ ᠤᠨ ᠠᠳᠤᠭᠤ ᠵᠢ ᠡᠴᠤᠰ ᠤᠨ ᠤᠳᠠᠭ᠎ᠠ ᠤᠰᠤᠯᠠᠴᠢᠬᠠᠭᠠᠳ ᠂ ᠡᠪᠦᠷᠳᠦᠯᠡᠵᠤ ᠢᠷᠡᠭᠰᠡᠨ ᠰᠢᠯ ᠠᠷᠢᠬᠢᠨ ᠤ ᠪᠡᠨ ᠳᠡᠬᠡᠵᠢ ᠵᠢ ᠳᠡᠭᠷᠢ ᠭᠠᠵᠠᠷ ᠂ ᠬᠤᠳᠳᠤᠭ ᠤᠰᠤᠨ ᠤ ᠨᠠᠪᠳᠠᠭ ᠰᠠᠪᠳᠠᠭ ᠲᠤ ᠡᠷᠬᠦᠵᠤ ᠂ ᠦᠯᠡᠳᠡᠭᠰᠡᠨ ᠢ ᠨᠢ ᠬᠡᠳᠦᠨ ᠠᠳᠤᠭᠤᠴᠢᠨ ᠳᠠᠢ ᠪᠡᠨ ᠬᠤᠪᠢᠶᠠᠯᠴᠠᠵᠤ ᠤᠤᠭᠤᠭᠠᠳ ᠨᠢᠳᠦᠨ ‍ᠳ᠋ᠡᠬᠡᠨ ᠨᠢᠯᠪᠤᠰᠤ ᠳᠠᠢ ᠬᠠᠷᠢᠵᠤ ᠢᠷᠡᠭᠰᠡᠨ ᠬᠡᠳᠡᠭ ᠃

    1992 ᠤᠨ ᠤ 2 ᠰᠠᠷ᠎ᠠ ᠳ᠋ᠤ ᠵᠡᠬᠦᠨ ᠬᠤᠶᠢᠳᠤ ᠠᠽᠢᠶ᠎ᠠ ᠵᠢᠨ ᠰᠤᠷᠤᠭᠴᠢ ᠵᠢᠨ ᠰᠤᠯᠢᠯᠴᠠᠭᠠᠨ ᠤ ᠳᠦᠯᠦᠪᠯᠡᠬᠡ ᠵᠢᠨ ᠳᠠᠭᠠᠤ ᠶᠠᠫᠤᠨ ᠳ᠋ᠤ ᠬᠦᠷᠴᠤ ᠠᠶᠢᠯᠠᠴᠢᠯᠠᠬᠤ ᠳᠤᠬᠢᠶᠠᠯ ᠵᠢᠨᠷ ᠂ ᠮᠠᠩᠯᠠᠢ ᠶᠠᠫᠤᠨ ᠤ ᠨᠡᠷᠡᠳᠤ ᠡᠷᠳᠡᠮᠳᠡᠨ ᠡᠾᠸᠨᠰᠦ᠋ᠮᠢ ᠪᠠᠭᠰᠢ ᠳᠠᠢ ᠳᠠᠨᠢᠯᠴᠠᠵᠤ ᠂ ᠳᠡᠬᠦᠨ ᠤ ᠠᠳᠤᠭᠤ ᠵᠢ ᠰᠤᠳᠤᠯᠬᠤ ᠠᠵᠢᠯ ᠤᠨ ᠭᠠᠷᠤᠭ᠎ᠠ ᠨᠢ ᠡᠨᠳᠡ ᠡᠴᠡ ᠡᠬᠢᠯᠡᠭᠰᠡᠨ ᠪᠢᠯᠡ ᠃

    1994 ᠤᠨ ᠤ 3 ᠰᠠᠷ᠎ᠠ ᠳ᠋ᠤ ᠮᠠᠩᠯᠠᠢ ᠶᠠᠫᠤᠨ ᠳ᠋ᠤ ᠬᠦᠷᠴᠤ ᠂ ᠡᠬᠢᠯᠡᠬᠡᠳ ᠬᠡᠯᠡᠨ ᠤ ᠮᠡᠷᠬᠡᠵᠢᠯ ᠳᠡᠬᠡᠭ᠍ᠰᠢᠯᠡᠬᠦᠯᠵᠤ ᠪᠠᠶᠢᠭᠰᠠᠨ ᠵᠢᠨᠨ 1996 ᠤᠨ ᠳ᠋ᠤ ᠳᠤᠤᠺᠢᠤ‍ ᠶᠡᠬᠡ ᠰᠤᠷᠭᠠᠭᠤᠯᠢ ᠵᠢᠨ ᠬᠦᠳᠡᠬᠡ ᠠᠵᠤ ᠠᠬᠤᠢ ᠵᠢᠨ ᠰᠠᠯᠪᠤᠷᠢ ᠳ᠋ᠤ ‍ᠳ᠋ᠤᠺᠲ᠋ᠤᠷᠠᠨᠲ ᠪᠡᠷ ᠡᠯᠰᠡᠬᠦᠯᠪᠡ ᠃ ᠳᠡᠬᠦᠨ ᠡᠴᠡ ᠬᠤᠶᠢᠰᠢ ᠳᠦᠷᠪᠡᠨ ᠵᠢᠯ ᠤᠨ ᠳᠤᠷᠰᠢ ᠳᠡᠷᠡᠪᠡᠷ  ᠠᠳᠤᠭᠤᠨ ᠤ ᠳᠦᠪᠡᠩᠬᠡᠢ ᠵᠢᠨ ᠤᠭᠤᠳᠠᠨ ᠤ ᠬᠡᠯᠪᠡᠷᠢ ᠰᠢᠨᠵᠢ ᠵᠢᠨ ᠰᠤᠳᠤᠯᠤᠯ ᠢ ᠭᠤᠤᠯᠴᠢᠯᠠᠨ ᠬᠢᠬᠦ ᠵᠢᠨ ᠬᠠᠮᠳᠤ ᠂ ᠮᠤᠯᠸᠺᠦ᠋ᠯ ᠤᠨ ᠤᠳᠤᠮᠰᠢᠯ ᠤᠨ ᠤᠬᠠᠭᠠᠨ ᠤ ᠬᠦᠷᠢᠶᠡᠨ ᠳ᠋ᠡᠬᠢ ᠤᠳᠤᠬᠢᠴᠢᠯᠠᠭᠰᠠᠨ ᠰᠢᠨ᠎ᠡ ᠮᠡᠳᠡᠯᠬᠡ ᠮᠡᠷᠬᠡᠵᠢᠯ ᠢ ᠡᠵᠡᠮᠰᠢᠪᠡ ᠃ ᠳᠡᠷᠠ ᠳᠤᠮᠳᠠ ᠪᠡᠨ ‍ᠳ᠋ᠤᠺᠲ᠋ᠤᠷ ᠴᠤᠯᠠ ᠬᠠᠮᠠᠭᠠᠯᠠᠬᠤ ᠦᠬᠦᠯᠡᠯ ᠵᠢᠨᠨ ᠪᠢᠴᠢᠬᠦ ᠵᠢᠨ ᠳᠠᠭᠠᠤ ᠪᠠᠰᠠ ᠠᠳᠤᠭᠤᠨ ᠤ ᠳᠤᠬᠠᠢ ᠠᠭᠤᠯᠭ᠎ᠠ ᠵᠢ ᠬᠠᠮᠤᠷᠠᠭᠰᠠᠨ ᠪᠤᠰᠤᠳ ᠠᠭᠤᠯᠭ᠎ᠠ ᠪᠦᠬᠦᠢ ᠡᠷᠳᠡᠮ ᠰᠢᠨᠵᠢᠯᠡᠬᠡᠨ ᠤ ᠦᠬᠦᠯᠡᠯ ᠨᠡᠶᠢᠳᠡ 62 ᠪᠢᠴᠢᠵᠤ ᠨᠡᠶᠢᠳᠡᠯᠡᠬᠦᠯᠦᠭᠰᠡᠨ ᠪᠠᠶᠢᠨ᠎ᠠ ᠃

    ᠨᠡᠶᠢᠬᠡᠮ ᠤᠨ ᠬᠦᠭ᠍ᠵᠢᠯ ᠢ ᠳᠠᠭᠠᠯᠳᠤᠨ ᠠᠳᠤᠭᠤ ᠨᠢ ᠮᠠᠯᠴᠢᠨ ᠬᠦᠮᠦᠨ ᠤ ᠬᠡᠷᠡᠭᠴᠡᠬᠡᠨ ᠡᠴᠡ ᠵᠠᠶᠢᠳᠠᠵᠤ ᠂ ᠤᠯᠠᠮ ᠵᠢᠨᠷ ᠳᠤᠭ᠎ᠠ ᠳᠤᠯᠤᠭᠠᠢ ᠨᠢ ᠪᠠᠭᠠᠰᠴᠤ ᠂ ᠡᠬᠦᠯᠳᠡᠷ ᠤᠳᠤᠮ ᠨᠢ ᠳᠤᠷᠤᠶᠢᠳᠠᠵᠤ ᠂ ᠴᠠᠭᠠᠰᠢᠳᠠ ᠳᠠᠯ᠎ᠠ ᠨᠤᠳᠤᠭ ᠲᠤ ᠠᠳᠤᠭᠤᠨ ᠰᠦᠷᠦᠭ ᠤᠨ ᠪᠠᠷ᠎ᠠ ᠳᠠᠰᠤᠷᠬᠤ ᠰᠢᠬᠠᠵᠤ ᠪᠠᠶᠢᠪᠠ ᠃ ᠳᠤᠤᠺᠢᠤ‍ ᠶᠡᠬᠡ ᠰᠤᠷᠭᠠᠭᠤᠯᠢ ᠳ᠋ᠠᠬᠢ ‍ᠳ᠋ᠤᠺᠲ᠋ᠤᠷᠠᠨᠲ ᠵᠢᠨ ᠰᠤᠷᠤᠯᠭ᠎ᠠ ᠪᠡᠨ ᠠᠮᠵᠢᠯᠳᠠ ᠳᠠᠢ ᠳᠡᠬᠦᠰᠬᠡᠵᠤ ᠤᠯᠤᠰ ᠪᠤᠴᠠᠭᠰᠠᠨ ᠮᠠᠩᠯᠠᠢ ᠡᠨ᠋ᠨ ᠪᠦᠬᠦᠨ ᠢ ᠰᠡᠷᠡᠵᠤ ᠂ ᠰᠡᠳᠬᠢᠯ ᠨᠢ ᠤᠯᠠᠮ ᠰᠢᠨᠠᠯᠠᠬᠤ ᠪᠤᠯᠪᠠ ᠃ ‍ᠳ᠋ᠠᠩ ᠭᠠᠭᠴᠠ ᠠᠮᠢᠳᠤ ᠪᠤᠳᠠᠰ ᠤᠨ ᠤᠬᠠᠭᠠᠨ ᠤ ᠡᠬᠦᠳᠡᠨ ᠡᠴᠡ ᠠᠳᠤᠭᠤ ᠵᠢ ᠰᠤᠳᠤᠯᠬᠤ ᠨᠢ ᠳᠠᠩᠴᠢ ᠦᠷᠦᠬᠡᠰᠦᠯ ᠪᠠᠶᠢᠵᠤ ᠂ ᠳᠡᠬᠦᠨ ᠤ ᠦᠷᠬᠡᠨ ᠳᠡᠯᠬᠡᠷ ᠦᠢᠯᠡᠳᠦᠯᠬᠡ ᠵᠢᠨ ᠬᠢᠨᠢ ᠠᠴᠢ ᠬᠤᠯᠪᠤᠭᠳᠠᠯ ᠠᠯᠳᠠᠭᠳᠠᠬᠤ ᠪᠤᠯᠤᠨ᠎ᠠ ᠃ ᠬᠠᠷᠢᠨ ᠰᠤᠶᠤᠯ ᠵᠦᠢ ᠂ ᠨᠡᠶᠢᠬᠡᠮ ᠵᠦᠢ ᠵᠡᠷᠬᠡ ᠳᠠᠯ᠎ᠠ ᠡᠴᠡ ᠪᠠᠰᠠ ᠰᠤᠳᠤᠯᠵᠤ ᠰᠤᠷᠳᠠᠯᠴᠢᠯᠠᠬᠤ ᠬᠡᠷᠡᠭᠳᠡᠢ ᠬᠡᠵᠤ ᠳᠡᠷᠠ ᠦᠵᠡᠪᠡ; ᠠᠳᠤᠭᠤᠨ ᠰᠤᠶᠤᠯ ᠵᠢᠨᠨ ᠬᠠᠮᠠᠭᠠᠯᠠᠬᠤ ᠶᠠᠪᠤᠳᠠᠯ ᠨᠢ ᠮᠤᠩᠭ᠋ᠤᠯ ᠦᠨᠳᠦᠰᠦᠳᠡᠨ ᠤ ᠠᠳᠤᠭᠤᠨ ᠰᠤᠶᠤᠯ ᠢ ᠠᠪᠤᠷᠠᠵᠤ ᠂ ᠦᠶ᠎ᠡ ᠵᠢᠨ ᠦᠶ᠎ᠡ ᠳ᠋ᠤ ᠤᠯᠠᠮᠵᠢᠯᠠᠵᠤ ᠬᠦᠭ᠍ᠵᠢᠬᠦᠯᠬᠦ ᠵᠢᠴᠢ ᠬᠦᠮᠦᠨ ᠳᠦᠷᠦᠯᠬᠢᠳᠡᠨ ᠤ ᠰᠤᠶᠤᠯ ᠢᠷᠬᠡᠨᠰᠢᠯ ᠤᠨ ᠤᠯᠠᠨ ᠳᠠᠯᠠᠳᠤ ᠴᠢᠨᠠᠷ ᠢ ᠪᠠᠳᠤᠯᠠᠬᠤ ᠵᠢᠨ ᠤᠯᠠᠮ ᠵᠢᠨᠷ ᠪᠠᠶᠠᠯᠢᠭᠵᠢᠭᠤᠯᠬᠤ ᠳ᠋ᠤ ᠴᠢᠬᠤᠯᠠ ᠠᠴᠢ ᠬᠤᠯᠪᠤᠭᠳᠠᠯ ᠳᠠᠢ ᠬᠡᠵᠤ ᠳᠡᠷᠠ ᠦᠵᠡᠪᠡ ᠃ ᠳᠡᠬᠡᠬᠡᠳ ᠳᠡᠷᠠ ᠠᠳᠤᠭᠤᠨ ᠰᠤᠶᠤᠯ ᠤᠨ ᠦᠢᠯᠡᠰ ᠲᠤ ᠨᠡᠩ ᠤᠯᠠᠨ ᠪᠤᠳᠠᠳᠠᠢ ᠠᠵᠢᠯ ᠬᠢᠬᠦ ᠪᠡᠷ ᠵᠤᠷᠢᠭ ᠰᠢᠭᠤᠳᠴᠠᠢ ᠃

    ᠠᠳᠤᠭᠤᠨ ᠰᠤᠶᠤᠯ ᠤᠨ ᠦᠢᠯᠡᠰ ᠲᠤ ᠨᠡᠮᠡᠷᠢᠯᠡᠭᠰᠡᠨ ᠠᠤᠭ᠎ᠠ ᠵᠢᠳᠬᠦᠯ

    2000 ᠤᠨ ᠤ 3 ᠰᠠᠷ᠎ᠠ ᠳ᠋ᠤ ᠮᠠᠩᠯᠠᠢ ᠡᠬᠡ ᠰᠤᠷᠭᠠᠭᠤᠯᠢ ᠨᠢ ᠪᠤᠯᠤᠭᠰᠠᠨ ᠦᠪᠦᠷ ᠮᠤᠩᠭ᠋ᠤᠯ ᠤᠨ ᠳᠠᠷᠢᠶᠠᠯᠠᠩ ᠤᠨ ᠶᠡᠬᠡ ᠰᠤᠷᠭᠠᠭᠤᠯᠢ ᠳ᠋ᠠᠭᠠᠨ ᠪᠤᠴᠠᠵᠤ《ᠠᠳᠤᠭᠤᠨ ᠰᠤᠳᠤᠯᠤᠯ》᠂《ᠳᠤᠭᠠᠨ ᠤ ᠤᠳᠤᠮᠰᠢᠯ ᠤᠨ ᠤᠬᠠᠭᠠᠨ》᠂ 《ᠠᠮᠢᠳᠠᠨ ᠤ ᠤᠳᠤᠮᠰᠢᠯ ᠤᠨ ᠤᠬᠠᠭᠠᠨ》᠂《ᠠᠮᠢᠳᠤ ᠪᠤᠳᠠᠰ ᠤᠨ ᠪᠦᠷᠢᠳᠬᠡᠯ ᠵᠦᠢ》᠂《ᠡᠬᠦᠯᠳᠡᠷ ᠪᠤᠶᠢᠵᠢᠭᠤᠯᠬᠤ ᠤᠨᠤᠯ》ᠵᠡᠷᠬᠡ ᠰᠤᠷᠬᠤ ᠪᠢᠴᠢᠭ᠌ ᠢ ᠬᠢᠳᠠᠳ ᠂ ᠮᠤᠩᠭ᠋ᠤᠯ ᠬᠤᠶᠠᠷ ᠬᠡᠯᠡ ᠪᠡᠷ ᠵᠤᠬᠢᠶᠠᠵᠤ ᠪᠡᠯᠡᠳᠬᠡᠬᠡᠳ ᠂ ᠬᠢᠴᠢᠶᠡᠯᠯᠡᠵᠤ ᠡᠬᠢᠯᠡᠪᠡ ᠃ ᠳᠤᠬᠠᠢ ᠵᠢᠨ ᠦᠶ᠎ᠡ ᠳ᠋ᠤ《ᠠᠳᠤᠭᠤᠨ ᠰᠤᠳᠤᠯᠤᠯ》 ᠢ᠋ ᠬᠢᠴᠢᠶᠡᠯᠯᠡᠬᠦ ᠪᠡᠨ ᠵᠤᠭᠰᠤᠭᠠᠳ ᠠᠷᠪᠠᠭᠠᠳ ᠵᠢᠯ ᠪᠤᠯᠵᠤ ᠪᠠᠶᠢᠭᠰᠠᠨ ᠶᠤᠮ ᠬᠡᠨ᠎ᠡ ᠃ ᠮᠠᠩᠯᠠᠢ ᠤᠭ ᠰᠤᠷᠬᠤ ᠪᠢᠴᠢᠭ᠌ ᠢ ᠮᠤᠩᠭ᠋ᠤᠯ ᠵᠢᠨᠷ ᠵᠤᠬᠢᠶᠠᠵᠤ ᠂ ᠬᠢᠴᠢᠶᠡᠯᠯᠡᠵᠤ ᠡᠬᠢᠯᠡᠬᠡᠳ ᠤᠳᠠᠭᠰᠠᠨ ᠦᠬᠡᠢ ᠡᠨ᠋ᠨ ᠨᠢ ᠨᠠᠢᠮᠠᠨ ᠮᠤᠵᠢ ᠤᠷᠤᠨ ᠤ ᠳᠡᠬᠡᠳᠤ ᠰᠤᠷᠭᠠᠭᠤᠯᠢ ᠵᠢᠨ ᠰᠤᠷᠬᠤ ᠪᠢᠴᠢᠭ᠌ ᠵᠢᠨᠷ ᠳᠤᠭᠳᠠᠭᠠᠭᠳᠠᠵᠠᠢ ᠃ ᠳᠡᠷᠡᠪᠡᠷ ᠤᠳᠤ ᠵᠢ ᠬᠦᠷᠳᠡᠯ᠎ᠡ ᠮᠤᠩᠭ᠋ᠤᠯ ᠂ ᠬᠢᠳᠠᠳ ᠂ ᠶᠠᠫᠤᠨ ᠬᠡᠯᠡ ᠪᠡᠷ 8 ᠨᠤᠮ ᠳᠤᠭᠤᠷᠪᠢᠵᠤ ᠮᠤᠩᠭ᠋ᠤᠯ ᠂ ᠬᠢᠳᠠᠳ ᠬᠡᠯᠡ ᠪᠡᠷ 7 ᠰᠤᠷᠬᠤ ᠪᠢᠴᠢᠭ᠌ ᠵᠤᠬᠢᠶᠠᠨ ᠂ ᠠᠳᠤᠭᠤᠨ ᠤ ᠰᠢᠨᠵᠢᠯᠡᠬᠦ ᠤᠬᠠᠭᠠᠨ ᠤ ᠰᠤᠳᠤᠯᠭᠠᠨ ᠤ ᠰᠡᠳᠦᠪ ᠢ 16 ᠬᠦᠢᠴᠡᠳᠬᠡᠵᠤ ᠮᠤᠩᠭ᠋ᠤᠯ ᠂ ᠬᠢᠳᠠᠳ ᠂ ᠶᠠᠫᠤᠨ ᠂ ᠠᠩᠭ᠍ᠯᠢ ᠬᠡᠯᠡ ᠪᠡᠷ ᠨᠡᠶᠢᠳᠡ 160 ᠦᠬᠦᠯᠡᠯ ᠪᠢᠴᠢᠵᠤ ᠨᠡᠶᠢᠳᠡᠯᠡᠬᠦᠯᠪᠡ ᠃ ᠭᠠᠷ ᠤᠨ ᠱᠠᠪᠢ ᠪᠡᠷ 29 ᠮᠠᠬᠢᠰᠲ᠋ᠷ ᠂ 14 ᠳ᠋ᠤᠺᠲ᠋ᠤᠷ ᠂ 2 ᠫᠤᠰᠲ ‍ᠳ᠋ᠤᠺᠲ᠋ᠤᠷ ᠬᠦᠮᠦᠵᠢᠬᠦᠯᠦᠬᠡᠳ ᠪᠠᠶᠢᠨ᠎ᠠ ᠃

    ᠮᠠᠩᠯᠠᠢ ᠴᠠᠭ ᠮᠦᠴᠡ ᠳᠠᠢ ᠤᠷᠤᠯᠳᠤᠨ ᠠᠳᠤᠭᠤᠨ ᠤ ᠡᠷᠳᠡᠮ ᠰᠢᠵᠢᠯᠡᠬᠡᠨ ᠳ᠋ᠤ ᠪᠡᠶ᠎ᠡ ᠰᠡᠳᠬᠢᠯ ᠵᠢᠨᠨ ᠵᠦᠳᠡᠬᠡᠵᠤ ᠶᠠᠪᠤᠭᠰᠠᠨ ᠳᠡᠳᠦᠢ ᠦᠬᠡᠢ ᠂ ᠡᠬᠦᠨ ᠤ ᠳᠠᠯᠳᠠ ᠳ᠋ᠡᠬᠢ ᠮᠤᠩᠭ᠋ᠤᠯᠴᠤᠳ ᠤᠨ ᠠᠳᠤᠭᠤᠨ ᠰᠤᠶᠤᠯ ᠤᠨ ᠦᠨ᠎ᠡ ᠦᠷᠳᠡᠭ ᠂ ᠰᠤᠶᠤᠯ ᠤᠨ ᠡᠬᠦᠷᠬᠡ ᠪᠤᠯᠤᠨ ᠰᠤᠶᠤᠯ ᠢ ᠤᠯᠠᠮᠵᠢᠯᠠᠵᠤ ᠳᠡᠯᠬᠡᠷᠡᠬᠦᠯᠬᠦ ᠳ᠋ᠤ ᠤᠬᠠᠭᠠᠨ ᠴᠢᠳᠠᠯ ᠵᠢᠨᠨ ᠰᠢᠪᠬᠠᠵᠤ ᠶᠠᠪᠤᠭᠰᠠᠨ ᠪᠠᠶᠢᠨ᠎ᠠ ᠃ ᠳᠡᠷᠠ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠤᠳᠤᠷᠢᠳᠤᠯᠭ᠎ᠠ ᠳ᠋ᠤ ᠵᠠᠬᠢᠳᠠᠯ ᠪᠢᠴᠢᠵᠤ ᠠᠳᠤᠭᠤᠨ ᠰᠤᠶᠤᠯ ᠂ ᠠᠳᠤᠭᠤᠨ ᠤ ᠠᠵᠤ ᠦᠢᠯᠡᠰ ᠢ ᠬᠦᠭ᠍ᠵᠢᠬᠦᠯᠬᠦ ᠳᠤᠬᠠᠢ ᠦᠪᠡᠷ ᠤᠨ ᠰᠠᠨᠠᠯ ᠪᠤᠳᠤᠯ ᠵᠢᠨᠨ ᠶᠠᠷᠢᠪᠠ ᠄ ᠨᠢᠬᠡ ᠂ ᠦᠪᠡᠷᠳᠡᠬᠡᠨ ᠵᠠᠰᠠᠬᠤ ᠤᠷᠤᠨ ᠢ ᠰᠤᠶᠤᠯ ᠤᠨ ᠳᠤᠮᠤ ᠤᠷᠤᠨ ᠪᠤᠯᠭᠠᠨ ᠪᠦᠳᠦᠬᠡᠨ ᠪᠠᠶᠢᠭᠤᠯᠠᠬᠤ ᠳ᠋ᠤ ᠠᠳᠤᠭᠤᠨ ᠰᠤᠶᠤᠯ ᠢ ᠬᠦᠭ᠍ᠵᠢᠬᠦᠯᠵᠤ ᠂ ᠮᠤᠩᠭ᠋ᠤᠯ ᠮᠤᠷᠢ ᠪᠡᠷ ᠪᠡᠯᠬᠡ ᠳᠡᠮᠳᠡᠭ ᠪᠤᠯᠭᠠᠨ᠎ᠠ ᠃ ᠬᠤᠶᠠᠷ ᠂ ᠦᠪᠡᠷᠮᠢᠴᠡ ᠤᠨᠴᠠᠯᠢᠭ ᠪᠦᠬᠦᠢ ᠵᠢᠭᠤᠯᠴᠢᠯᠠᠯ ᠤᠨ ᠦᠢᠯᠡᠰ ᠂ ᠮᠤᠷᠢᠨ ᠤᠷᠤᠯᠳᠤᠭᠠᠨ ᠂ ᠠᠳᠤᠭᠤᠨ ᠤ ᠮᠢᠬ᠎ᠠ ᠂ ᠬᠡᠬᠦᠨ ᠰᠦ᠋ ᠵᠢᠨ ᠠᠰᠢᠭᠯᠠᠯᠳᠠ ᠵᠡᠷᠬᠡ ᠵᠢ ᠬᠦᠭ᠍ᠵᠢᠬᠦᠯᠵᠤ ᠂ ᠠᠳᠤᠭᠤᠨ ᠤ ᠦᠢᠯᠡᠰ ᠢ ᠦᠪᠡᠷᠳᠡᠬᠡᠨ ᠵᠠᠰᠠᠬᠤ ᠤᠷᠤᠨ ᠤ ᠠᠵᠤ ᠠᠬᠤᠢ ᠵᠢᠨ ᠬᠦᠭ᠍ᠵᠢᠯᠳᠡ ᠵᠢᠨ ᠰᠢᠨ᠎ᠡ ᠨᠡᠮᠡᠯᠳᠡ ᠴᠢᠭ ᠪᠤᠯᠭᠠᠨ᠎ᠠ ᠃ ᠭᠤᠷᠪᠠ ᠂ ᠦᠪᠡᠷᠳᠡᠬᠡᠨ ᠵᠠᠰᠠᠬᠤ ᠤᠷᠤᠨ ᠤ ᠮᠤᠩᠭ᠋ᠤᠯ ᠠᠳᠤᠭᠤᠨ ᠤ ᠪᠠᠶᠠᠯᠢᠭ ᠢ ᠠᠰᠢᠭᠯᠠᠵᠤ ᠂ ᠮᠤᠩᠭ᠋ᠤᠯ ᠠᠳᠤᠭᠤᠨ ᠤ ‍ᠭ᠍ᠸᠨ ᠤ ᠬᠦᠮᠦᠷᠬᠡ ᠪᠠᠶᠢᠭᠤᠯᠬᠤ ᠂ ᠮᠤᠩᠭ᠋ᠤᠯ ᠠᠳᠤᠭᠤᠨ ᠤ ᠪᠠᠶᠠᠯᠢᠭ ᠤᠨ ᠤᠯᠠᠨ ᠵᠦᠢᠯᠡᠳᠤ ᠴᠢᠨᠠᠷ ᠢ ᠰᠤᠳᠤᠯᠬᠤ ᠂ ᠮᠤᠩᠭ᠋ᠤᠯ ᠠᠳᠤᠭᠤᠨ ᠤ ᠪᠠᠶᠢᠭᠠᠯᠢ ᠵᠢᠨ ᠬᠠᠮᠠᠭᠠᠯᠠᠯᠳᠠ ᠵᠢᠨ ᠤᠷᠤᠨ ᠢ ᠪᠠᠶᠢᠭᠤᠯᠬᠤ ᠮᠡᠳᠤ ᠪᠡᠷ ᠮᠤᠩᠭ᠋ᠤᠯ ᠠᠳᠤᠭᠤᠨ ᠤ ᠰᠤᠳᠤᠯᠭᠠᠨ ᠤ ᠦᠢᠯᠡᠰ ᠢ ᠤᠯᠠᠮ ᠬᠦᠭ᠍ᠵᠢᠬᠦᠯᠦᠨ᠎ᠡ ᠬᠡᠵᠡᠢ ᠃ ᠡᠨ᠋ᠨ ᠨᠢ ᠵᠠᠰᠠᠭ ᠤᠨ ᠭᠠᠵᠠᠷ ᠤᠨ ᠳᠡᠮᠵᠢᠯᠬᠡ ᠵᠢ ᠤᠯᠤᠭᠰᠠᠨ ᠶᠤᠮ ᠃ ᠤᠳᠠᠯ ᠦᠬᠡᠢ ᠮᠠᠩᠯᠠᠢ ᠵᠢᠨ ᠰᠠᠨᠠᠭᠠᠴᠢᠯᠠᠭ᠎ᠠ ᠵᠢᠨᠷ ᠰᠢᠯᠢ ᠵᠢᠨ ᠭᠤᠤᠯ ᠠᠶᠢᠮᠠᠭ ᠤᠨ ᠬᠦᠪᠡᠬᠡᠳᠦ ᠰᠢᠷ᠎ᠠ ᠬᠤᠰᠢᠭᠤᠨ ᠤ《ᠠᠳᠤᠭᠤᠨ ᠰᠤᠶᠤᠯ ᠤᠨ ᠮᠦᠽᠸᠢ》 ᠪᠠᠶᠢᠭᠤᠯᠤᠭᠳᠠᠵᠤ ᠠᠰᠢᠭᠯᠠᠯᠳᠠ ᠳ᠋ᠤ ᠤᠷᠤᠪᠠ ᠃ ᠳᠡᠷᠠ ᠪᠠᠰᠠ ᠦᠪᠡᠷ ᠡᠴᠡ ᠪᠡᠨ ᠮᠦᠩᠬᠦ ᠭᠠᠷᠭᠠᠵᠤ ᠂ ᠳᠦᠷᠦᠭᠰᠡᠨ ᠨᠤᠳᠤᠭ ᠬᠦᠷᠳᠦᠨ ᠭᠤᠤᠯ ᠭᠠᠴᠠᠭᠠᠨ ᠳ᠋ᠠᠭᠠᠨ《ᠵᠠᠯᠠᠭᠤᠴᠤᠳ ᠪᠠᠭᠠᠴᠤᠳ ᠤᠨ ᠦᠨᠳᠦᠰᠦᠳᠡᠨ ᠤ ᠵᠠᠩ ᠵᠠᠩᠰᠢᠯ ᠤᠨ ᠰᠤᠷᠭᠠᠨ ᠬᠦᠮᠦᠵᠢᠯ ᠤᠨ ᠰᠠᠭᠤᠷᠢᠨ》 ᠢ᠋ ᠪᠠᠶᠢᠭᠤᠯᠵᠤ ᠂ ᠬᠠᠷᠠᠬᠠᠨ ᠪᠠᠭ᠎ᠠ ᠨᠠᠰᠤᠨ ᠡᠴᠡ ᠪᠡᠨ ᠬᠤᠳᠠ ᠭᠠᠵᠠᠷ ᠰᠤᠷᠭᠠᠭᠤᠯᠢ ᠰᠤᠶᠤᠯ ᠤᠨ ᠮᠦᠷ ᠬᠦᠬᠡᠬᠡᠬᠦ ᠪᠤᠯᠤᠭᠰᠠᠨ ᠬᠡᠤᠬᠡᠳ ᠤᠳ ᠳ᠋ᠤ ᠤᠯᠠᠮᠵᠢᠯᠠᠯᠳᠤ ᠠᠮᠢᠳᠤᠷᠠᠯ ᠤᠨ ᠰᠤᠶᠤᠯ ᠳᠠᠢ ᠪᠡᠨ ᠤᠶᠢᠷᠠᠳᠤᠬᠤ ᠵᠠᠪᠰᠢᠶᠠᠨ ᠤᠯᠭᠤᠪᠠ ᠃ ᠦᠪᠦᠷ ᠮᠤᠩᠭ᠋ᠤᠯ ᠤᠨ ᠳᠠᠷᠢᠶᠠᠯᠠᠩ ᠤᠨ ᠶᠡᠬᠡ ᠰᠤᠷᠭᠠᠭᠤᠯᠢ ᠳ᠋ᠤ ᠮᠤᠷᠢᠨ ᠮᠡᠷᠬᠡᠵᠢᠯ ᠤᠨ ᠴᠢᠭᠯᠡᠯ ᠵᠢᠨᠷ ᠰᠤᠷᠤᠭᠴᠢ ᠡᠯᠰᠡᠵᠤ ᠂ ᠤᠳᠤᠬᠢᠴᠢᠯᠠᠭᠰᠠᠨ ᠮᠤᠷᠢᠨ ᠤᠷᠤᠯᠳᠤᠭᠠᠨ ᠤ ᠳᠠᠯᠠᠪᠠᠢ ᠳ᠋ᠤ ᠮᠤᠷᠢ ᠤᠨᠠᠬᠤ ᠂ ᠤᠶᠠᠭᠠᠴᠢ ᠂ ᠮᠤᠷᠢᠨ ᠤ ᠡᠮᠴᠢ ᠂ ᠮᠤᠷᠢᠨ ᠳᠤᠭᠤᠷᠠᠢ ᠵᠠᠰᠠᠬᠤ ᠵᠡᠷᠬᠡ ᠬᠢᠴᠢᠶᠡᠯ ᠳᠦᠷᠦᠯ ᠤᠳ ᠢ ᠨᠡᠬᠡᠬᠡᠪᠡ ᠃

    2009 ᠤᠨ ᠳ᠋ᠤ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠠᠳᠤᠭᠤᠨ ᠦᠢᠯᠡᠰ ᠤᠨ ᠨᠡᠶᠢᠬᠡᠮᠯᠢᠭ᠌ ᠬᠢᠬᠡᠳ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠠᠳᠤᠭᠤᠨ ᠦᠢᠯᠡᠰ ᠢ ᠬᠦᠭ᠍ᠵᠢᠬᠦᠯᠬᠦ ᠰᠠᠭᠤᠷᠢ ᠮᠦᠩᠬᠦᠨ ᠤ ᠨᠡᠶᠢᠬᠡᠮᠯᠢᠭ᠌ ᠳᠠᠷᠠᠭᠠᠯᠠᠨ ᠪᠠᠶᠢᠭᠤᠯᠤᠭᠳᠠᠯ᠎ᠠ ᠃ ᠨᠡᠶᠢᠬᠡᠮᠯᠢᠭ᠌ ᠤᠨ ᠵᠢᠯᠤᠭᠤᠳᠤᠯᠭ᠎ᠠ ᠪᠤᠯᠤᠨ ᠳᠤᠬᠢᠷᠠᠭᠤᠯᠤᠯᠭ᠎ᠠ ᠪᠡᠷ ᠮᠠᠩᠯᠠᠢ ᠂ ᠪᠠᠶᠠᠨᠰᠢᠯᠢ ᠵᠢᠨ ᠳᠠᠯ᠎ᠠ ᠨᠤᠳᠤᠭ ᠤᠨ ᠮᠤᠷᠢᠨ ᠳᠠᠯᠠᠪᠠᠢ ᠤᠷᠤᠯᠳᠤᠭᠠᠨ ᠤ ᠮᠤᠷᠢᠨ ᠤ ᠰᠢᠨ᠎ᠡ ᠡᠬᠦᠯᠳᠡᠷ ᠪᠤᠶᠢᠵᠢᠭᠤᠯᠬᠤ ᠰᠠᠭᠤᠷᠢᠨ ᠂ ᠤᠷᠳᠤᠰ ᠬᠤᠳᠠ ᠵᠢᠨ ᠤᠯᠠᠭᠠᠨ ᠬᠤᠵᠢᠷᠳᠤ ᠨᠠᠭᠤᠷ ᠤᠨ ᠴᠡᠪᠡᠷ ᠴᠢᠰᠤᠨ ᠠᠳᠤᠭᠤ ᠵᠢ ᠦᠷᠡᠵᠢᠬᠦᠯᠬᠦ ᠰᠠᠭᠤᠷᠢᠨ ᠂ ᠮᠦᠨ ᠪᠠᠷᠠᠭᠤᠨ ᠦᠵᠦᠮᠦᠴᠢᠨ ᠬᠤᠰᠢᠭᠤᠨ ᠤ ᠰᠠᠷᠠᠯ ᠠᠳᠤᠭᠤ ᠂ ᠦᠤᠰᠢᠨ ᠬᠤᠰᠢᠭᠤᠨ ᠤ ᠦᠤᠰᠢᠨ ᠠᠳᠤᠭᠤ ᠂ ᠠᠪᠠᠭ᠎ᠠ ᠵᠢᠨ ᠬᠠᠷ᠎ᠠ ᠠᠳᠤᠭᠤ ᠵᠢ ᠬᠠᠮᠠᠭᠠᠯᠠᠬᠤ ᠵᠡᠷᠬᠡ ᠭᠤᠷᠪᠠᠨ ᠰᠠᠭᠤᠷᠢᠨ ᠢ ᠬᠠᠮᠤᠷᠠᠭᠰᠠᠨ ᠮᠤᠩᠭ᠋ᠤᠯ ᠮᠤᠷᠢᠨ ᠤ ᠡᠬᠦᠯᠳᠡᠷ ᠬᠠᠮᠠᠭᠠᠯᠠᠬᠤ ᠰᠠᠭᠤᠷᠢᠨ ᠢ ᠪᠠᠶᠢᠭᠤᠯᠪᠠ ᠃ 2010 ᠤᠨ ᠤ 5 ᠰᠠᠷ᠎ᠠ ᠳ᠋ᠤ ᠠᠮᠸᠷᠢᠺᠡ ᠡᠴᠡ 92 ᠴᠡᠪᠡᠷ ᠴᠢᠰᠤᠨ ᠡᠬᠦᠯᠳᠡᠷ ᠤᠨ ᠠᠳᠤᠭᠤ ᠵᠢ ᠤᠷᠤᠭᠤᠯᠤᠨ ᠠᠪᠴᠢᠷᠠᠵᠤ ᠂ ᠤᠷᠳᠤᠰ ᠬᠤᠳᠠ ᠵᠢᠨ ᠡᠵᠡᠨ ᠬᠤᠷᠤᠭ᠎ᠠ ᠬᠤᠰᠢᠭᠤᠨ ᠳ᠋ᠤ ᠠᠳᠤᠭᠤᠯᠵᠤ ᠡᠬᠢᠯᠡᠪᠡ ᠃ ᠡᠨᠡᠬᠦ ᠡᠬᠦᠯᠳᠡᠷ ᠤᠨ ᠠᠳᠤᠭᠤ ᠵᠢ ᠦᠨᠢᠷ ᠦᠰᠬᠡᠵᠤ ᠦᠷᠡᠵᠢᠬᠦᠯᠬᠦ ᠨᠢ ᠂ ᠬᠤᠵᠢᠮ ᠤᠨ ᠪᠦᠬᠦ ᠦᠪᠦᠷ ᠮᠤᠩᠭ᠋ᠤᠯ ᠤᠨ ᠤᠷᠤᠯᠳᠤᠭᠠᠨ ᠤ ᠴᠢᠭᠯᠡᠯ ᠤᠨ ᠠᠳᠤᠭᠤᠨ ᠤ ᠦᠢᠯᠡᠰ ᠢ ᠬᠦᠭ᠍ᠵᠢᠬᠦᠯᠬᠦ ᠰᠠᠭᠤᠷᠢ ᠵᠢ ᠳᠠᠯᠪᠢᠬᠤ ᠳ᠋ᠤ ᠮᠠᠰᠢ ᠶᠡᠬᠡ ᠠᠴᠢ ᠬᠤᠯᠪᠤᠭᠳᠠᠯ ᠳᠠᠢ ᠶᠤᠮ ᠃

    2005 ᠤᠨ ᠤ ᠰᠢᠯᠢ ᠵᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠳ᠋ᠤ ᠪᠤᠯᠤᠭᠰᠠᠨ 800 ᠮᠤᠩᠭ᠋ᠤᠯ ᠮᠤᠷᠢᠨ ᠤ 《ᠠᠵᠢᠨᠠᠢ ᠬᠦᠯᠦᠭ》ᠬᠤᠷᠳᠤᠨ ᠮᠤᠷᠢᠨ ᠤ ᠤᠷᠤᠯᠳᠤᠭᠠᠨ ᠬᠢᠬᠡᠳ 2011 ᠤᠨ ᠤ ᠬᠦᠯᠦᠨ ᠪᠤᠶᠢᠷ ᠠᠶᠢᠮᠠᠭ ᠤᠨ ᠬᠠᠭᠤᠴᠢᠨ ᠪᠠᠷᠭᠤ ᠬᠤᠰᠢᠭᠤᠨ ᠤ《ᠳᠦᠮᠡᠨ ᠠᠭᠳᠠ ᠵᠢᠨ ᠳᠦᠪᠡᠷᠬᠡᠨ》ᠨᠡᠬᠦᠳᠡᠯ ᠰᠤᠶᠤᠯ ᠤᠨ ᠨᠠᠭᠠᠳᠤᠮ ᠢ ᠮᠠᠩᠯᠠᠢ ᠪᠡᠶᠡᠴᠢᠯᠡᠨ ᠳᠦᠰᠦᠪᠯᠡᠵᠤ ᠂ ᠡᠨ᠋ᠨ ᠨᠢ ᠳᠤᠰ ᠳᠤᠰ ᠬᠢᠨᠢᠰ ᠤᠨ ᠳᠡᠮᠳᠡᠭᠯᠡᠯ ᠢ ᠡᠬᠦᠳᠴᠡᠢ ᠃ ᠳᠡᠬᠦᠨ ᠤ ᠰᠢᠷᠭᠠᠭᠤ ᠴᠢᠷᠮᠠᠶᠢᠯᠳᠠ ᠂ ᠪᠠᠰᠠ ᠡᠨ᠋ᠨ ᠤᠯᠠᠨ ᠦᠢᠯᠡ ᠠᠵᠢᠯᠯᠠᠭ᠎ᠠ ᠨᠢ ᠪᠦᠬᠦᠶᠢᠯᠡ ᠦᠪᠦᠷ ᠮᠤᠩᠭ᠋ᠤᠯᠴᠤᠳ ᠳ᠋ᠤ ᠮᠠᠰᠢ ᠶᠡᠬᠡ ᠳᠠᠶᠢᠴᠢᠯᠠᠬᠤ ᠬᠦᠴᠦᠨ ᠪᠤᠯᠵᠤ ᠂ ᠤᠳᠤ ᠪᠡᠷ ᠦᠪᠦᠷ ᠮᠤᠩᠭ᠋ᠤᠯ ᠤᠨ ᠶᠡᠬᠡᠩᠬᠢ ᠬᠤᠰᠢᠭᠤ ᠨᠤᠳᠤᠭ ᠠᠳᠤᠭᠤᠨ ᠰᠤᠶᠤᠯ ᠤᠨ ᠨᠡᠶᠢᠬᠡᠮᠯᠢᠭ᠌ ᠳᠠᠢ ᠪᠤᠯᠤᠭᠰᠠᠨ ᠳᠡᠳᠦᠢ ᠦᠬᠡᠢ ᠂ ᠠᠳᠤᠭᠤ ᠳᠡᠵᠢᠬᠡᠵᠤ ᠦᠷᠡᠵᠢᠬᠦᠯᠬᠦ ᠬᠤᠷᠰᠢᠶ᠎ᠠ ᠳᠠᠢ ᠪᠤᠯᠵᠤ ᠂ ᠮᠤᠩᠭ᠋ᠤᠯ ᠠᠳᠤᠭᠤ ᠵᠢ ᠠᠪᠤᠷᠠᠵᠤ ᠬᠠᠮᠠᠭᠠᠯᠠᠬᠤ ᠂ ᠦᠷᠡᠵᠢᠬᠦᠯᠬᠦ ᠠᠵᠢᠯ ᠢ ᠢᠳᠡᠪᠬᠢᠳᠡᠢ ᠬᠢᠵᠡᠬᠡᠵᠤ ᠪᠠᠶᠢᠨ᠎ᠠ ᠃ ᠮᠦᠨ ᠠᠳᠤᠭᠤᠨ ᠤ ᠪᠡᠶ᠎ᠡ ᠵᠢᠨ ᠭᠠᠳᠠᠷ ᠳᠦᠷᠬᠦ ᠂ ᠪᠡᠶ᠎ᠡ ᠵᠢᠨ ᠬᠦᠨᠳᠦ ᠂ ᠮᠢᠬ᠎ᠠ ᠰᠦᠨ ᠤ ᠭᠠᠷᠤᠯᠳᠠ ᠵᠡᠷᠬᠡ ᠵᠢ ᠳᠡᠮᠳᠡᠭᠯᠡᠵᠤ ᠦᠯᠡᠳᠡᠬᠡᠬᠦ ᠂ ᠳᠤᠰᠬᠠᠢ ᠳᠦᠷᠰᠦ ᠰᠢᠩᠬᠡᠬᠡᠯᠳᠡ ᠬᠢᠬᠦ ᠂ ᠵᠢᠷᠤᠭᠳᠤ ᠨᠤᠮ ᠬᠡᠪᠯᠡᠬᠦᠯᠬᠦ ᠵᠡᠷᠬᠡ ᠤᠯᠠᠨ ᠰᠠᠶᠢᠬᠠᠨ ᠰᠤᠶᠤᠯ ᠤᠨ ᠠᠵᠢᠯᠯᠠᠭ᠎ᠠ ᠦᠷᠨᠢᠬᠦᠯᠵᠤ ᠪᠠᠶᠢᠨ᠎ᠠ ᠃

    ᠮᠠᠩᠯᠠᠢ ᠫᠷᠤᠹᠸᠰᠰᠤᠷ ᠤᠨ ᠠᠳᠤᠭᠤᠨ ᠰᠤᠶᠤᠯ ᠤᠨ ᠦᠢᠯᠡᠰ ᠲᠤ ᠨᠡᠮᠡᠷᠢᠯᠡᠭᠰᠡᠨ ᠬᠦᠴᠦᠨ ᠵᠢᠳᠬᠦᠯ ᠢ ᠡᠨᠡᠬᠦᠨ ᠵᠢᠨᠷ ᠶᠠᠷᠢᠵᠤ ᠳᠠᠭᠤᠰᠬᠤ ᠦᠬᠡᠢ ᠃ ᠠᠵᠢᠯᠴᠢ ᠡᠷ᠎ᠡ ᠵᠢᠨ ᠵᠤᠷᠢᠭ ᠬᠠᠳᠠᠭᠤ ᠂ ᠠᠳᠤᠭᠤᠨ ᠦᠢᠯᠡᠰ ᠤᠨ ᠢᠷᠡᠬᠡᠳᠦᠢ ᠰᠠᠷᠠᠭᠤᠯ ᠃ ᠬᠦᠯᠦᠭ ᠤᠨ ᠳᠤᠭᠤᠰᠤᠨ ᠳ᠋ᠤ ᠦᠰᠴᠤ ᠂ ᠠᠳᠤᠭᠤᠨ ᠤ ᠰᠤᠳᠤᠯᠭᠠᠨ ᠵᠢᠨᠷ ᠰᠢᠯᠭᠠᠷᠠᠭᠰᠠᠨ ᠬᠦᠮᠦᠨ ᠤ ᠮᠠᠩᠯᠠᠢ ᠳᠡᠬᠦᠨ ᠤ ᠴᠢᠷᠮᠠᠶᠢᠯᠳᠠ ᠪᠡᠷ ᠂ ᠦᠰᠦᠷᠦᠩᠬᠦᠢ ᠬᠦᠭ᠍ᠵᠢᠯᠳᠡ ᠵᠢᠨ ᠡᠨ᠋ᠨ ᠡᠷᠡᠨ ᠳ᠋ᠤ ᠦᠪᠦᠷ ᠮᠤᠩᠭ᠋ᠤᠯᠴᠤᠳ ᠮᠤᠩᠭ᠋ᠤᠯ ᠮᠤᠷᠢ ᠳᠠᠢ ᠪᠡᠨ ᠦᠯᠡᠳᠡᠬᠦ ᠨᠢ ᠯᠠᠪᠳᠠᠢ ᠃ ᠵᠢᠭᠤᠯᠴᠢᠯᠠᠯ ᠂ ᠤᠷᠤᠯᠳᠤᠭᠠᠨ ᠂ ᠴᠡᠬᠡ ᠮᠡᠳᠤ ᠵᠢᠨ ᠡᠷᠡᠬᠦᠯᠵᠢᠯ ᠤᠨ ᠪᠤᠳᠠᠰ ᠤᠨ ᠨᠡᠬᠡᠬᠡᠨ ᠠᠰᠢᠭᠯᠠᠯᠳᠠ ᠳᠠᠢ ᠤᠶᠠᠯᠳᠤᠭᠰᠠᠨ ᠠᠳᠤᠭᠤᠨ ᠦᠢᠯᠡᠰ ᠤᠯᠠᠮ ᠬᠦᠭ᠍ᠵᠢᠬᠦ ᠨᠢ ᠯᠠᠪᠳᠠᠢ! (ᠪᠤᠯᠤᠷᠴᠡᠴᠡᠭ)

ᠢᠷᠡᠯᠳᠡ᠄ ᠰᠤᠯᠤᠩᠭ᠋᠎ᠠ ᠰᠡᠳᠬᠦᠯ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120701117290857