蒙古文网站Logo
ᠰᠢᠨᠬᠤᠸᠠ ᠮᠤᠩᠭ᠋ᠤᠯ ᠨᠧᠲ

ᠮ᠊ • ᠬᠠᠰᠪᠠᠭᠠᠨ᠎ᠠ᠄ ᠨᠢᠭᠡᠨ ᠤᠶᠤᠨ ᠤ ᠬᠦᠳᠡᠯᠮᠤᠷᠢᠴᠢᠨ

2015-12-06 18:38

    ᠵᠤᠬᠢᠶᠠᠯᠴᠢ ᠮ᠊ • ᠬᠠᠰᠪᠠᠭᠠᠨ᠎ᠠ ᠭᠡᠬᠦ ᠪᠠᠷ ᠳᠡᠬᠦᠨ ᠤ ᠠᠩᠬᠠᠨ ᠤ ᠷᠤᠮᠠᠨ《ᠵᠠᠰᠠᠭ ᠤᠨ ᠬᠤᠳᠤᠭᠤᠷ》 ᠬᠠᠮᠳᠤ ᠳᠤ ᠨᠢ ᠳᠤᠷᠠᠳᠤᠬᠳᠠᠳᠠᠭ᠃ ᠡᠨᠡ ᠪᠤᠯ ᠨᠡᠯᠢᠶᠡᠳ ᠳᠦᠷᠦᠬᠦᠦ ᠪᠠᠷ ᠬᠢ ᠤᠴᠢᠷ᠃ ᠡᠬᠦᠨ ᠤ ᠳᠠᠷᠠᠭ᠎ᠠ 《 ᠳᠡᠷᠡ ᠬᠤᠯᠠ ᠶᠢᠨ ᠪᠠᠷ᠎ᠠ》᠂《ᠪᠦᠰᠡᠬᠦᠢ ᠪᠠᠷᠠᠭᠠᠨ ᠽᠠᠮᠪᠦᠯᠢᠩ》᠂《ᠨᠤᠳᠤᠭ ᠤᠨ ᠬᠠᠯᠠᠭᠤᠨ ᠰᠢᠷᠤᠢ》 ᠭᠡᠬᠦ ᠳᠦᠷᠪᠡᠨ ᠷᠤᠮᠠᠨ ᠢᠶᠠᠨ ᠭᠡᠪᠯᠡᠬᠦᠯᠴᠢᠭᠡᠬᠦ ᠳᠤ ᠪᠦᠳᠤᠭᠡᠯ ᠤᠯᠠᠨᠳᠠᠢ ᠵᠤᠬᠢᠶᠠᠯᠴᠢ ᠭᠡᠵᠤ ᠪᠠᠰᠠ ᠭᠡᠯᠡᠯᠴᠡᠭᠳᠡᠪᠡ᠃ ᠠᠵᠢᠯ ᠠᠴᠠ ᠠᠮᠠᠷᠠᠬᠰᠠᠨ ᠤ ᠳᠠᠷᠠᠭ᠎ᠠ ᠪᠢᠴᠢᠬᠦ ᠨᠢ ᠤᠯᠠᠮ ᠴᠢᠩᠭ᠋ᠠᠷᠠᠵᠤ ᠬᠤᠢ ᠬᠤᠶᠢᠨ᠎ᠠ ᠠᠴᠠ 《ᠳᠦᠷᠦ ᠶᠢᠨ ᠬᠠᠷ᠎ᠠ ᠬᠦᠮᠤᠰ》᠃《ᠠᠯᠳᠠᠨ ᠶᠠᠰᠤᠳᠤ ᠦᠷᠯᠦᠬᠦᠳ ᠤᠨ ᠳᠦᠮᠬᠠᠦ᠋ᠯᠵᠡᠢ》 ᠭᠡᠬᠦ ᠬᠤᠶᠠᠷ ᠨᠤᠮ ᠢᠶᠠᠨ ᠭᠡᠪᠯᠡᠬᠦᠯᠵᠤ᠂ 《ᠳᠦᠷᠦ ᠶᠢᠨ ᠬᠠᠷ᠎ᠠ ᠬᠦᠮᠤᠰ》ᠲᠠᠢ ᠪᠠᠨ ᠵᠡᠷᠭᠡᠴᠡᠬᠦᠯᠤᠨ ᠪᠢᠴᠢᠵᠤ ᠪᠠᠶᠢᠬᠰᠠᠨ《ᠰᠠᠯᠬᠢ 》 ᠭᠡᠰᠡᠨ ᠤᠳᠤᠬᠢ ᠰᠡᠳᠤᠪᠳᠤ ᠷᠤᠮᠠᠨ ᠢᠶᠠᠨ ᠭᠡᠪᠯᠡᠯ ᠳᠤ ᠪᠡᠯᠡᠳᠭᠡᠴᠢᠭᠡᠯ᠎ᠠ ᠭᠡᠵᠤ ᠴᠤ ᠰᠤᠨᠤᠰᠳᠠᠪᠠ᠃ ᠡᠨᠡ ᠳᠤᠮᠳᠠ ᠪᠠᠰᠠ ᠭᠡᠳᠤ ᠭᠡᠳᠤᠨ ᠳᠤᠭᠤᠵᠢ᠂ ᠦᠬᠦᠯᠡᠯᠭᠡ ᠪᠢᠴᠢᠭᠰᠡᠨ ᠢ ᠬᠡᠯᠡᠬᠦ ᠦᠭᠡᠢ ᠴᠤ 2010 — 2011 ᠤᠨ ᠳᠤ 《ᠴᠠᠮ ᠤᠨ ᠤᠷᠢᠳᠤ ᠡᠳᠤᠷ》 ᠭᠡᠬᠦ ᠪᠠᠷᠢᠮᠳᠠᠳᠤ ᠺᠢᠨᠣ᠋᠂ ᠠᠷᠪᠠᠨ ᠨᠠᠢᠮᠠᠨ ᠪᠦᠯᠦᠭᠳᠦ ᠲᠧᠯᠸᠢᠰ ᠵᠦᠴᠤᠭᠡ 《ᠤᠷᠳᠤᠰ ᠬᠤᠷᠢᠮ》 ᠢ᠋ ᠰᠡᠬᠦᠳᠡᠷᠯᠡᠬᠦᠯᠵᠤ ᠲᠧᠯᠸᠢᠰ ᠳᠡᠭᠡᠷ᠎ᠠ ᠨᠡᠪᠳᠡᠷᠡᠭᠦᠯᠦᠭᠰᠡᠨ ᠪᠠᠶᠢᠳᠠᠭ᠃ ᠢᠡᠭ᠍ᠭᠢᠬᠦ ᠳᠤ ᠬᠦᠮᠤᠰ ᠤᠨ ᠳᠤᠮᠳᠠ ᠪᠠᠰᠠ 《ᠦᠭᠡᠢ᠂ ᠳᠡᠭᠡᠭᠡᠳ ᠠᠯᠢ ᠵᠠᠪ ᠳᠤ ᠨᠢ ᠳᠡᠶᠢᠮᠤ ᠠᠷᠪᠢᠨ ᠶᠠᠭᠤᠮ᠎ᠠ ᠪᠢᠴᠢᠭᠡᠳ ᠪᠠᠶᠢᠳᠠᠭ ᠶᠤᠮ︖ ᠪᠢᠴᠢᠭᠡᠳ ᠰᠠᠭᠤᠬᠤ ᠨᠢ ᠳᠡᠮᠡᠢ ᠦᠵᠡᠭᠳᠡᠳᠡᠭ ᠦᠭᠡᠢ᠂ ᠬᠠᠷᠢᠨ ᠵᠠᠯᠠᠭᠤ ᠪᠠᠶᠢᠬᠤ ᠳᠤ ᠨᠡᠯᠢᠶᠡᠳ ᠠᠷᠢᠬᠢ ᠳᠠᠭᠠᠭᠠᠳᠠᠭ ᠰᠢᠭ᠋ ᠬᠦᠮᠤᠨ᠂ ᠰᠡᠬᠦᠯ ᠳᠤ ᠠᠷᠢᠬᠢ ᠪᠠᠨ ᠪᠠᠶᠢᠴᠢᠬᠠᠬᠤ ᠳᠤ ᠳᠤᠬᠯᠠᠭᠠᠮ ᠤᠨ ᠰᠢᠷᠡᠭᠡ ᠪᠠᠷ ᠳᠠᠩᠳᠠᠨ ᠬᠠᠷᠠᠬᠳᠠᠳᠠᠭ ᠬᠦᠮᠤᠨ ᠶᠤᠮ ᠳ᠋ᠠ》 ᠭᠡᠰᠡᠨ ᠭᠡᠯᠡᠯᠴᠡᠭᠡᠨ ᠴᠤ ᠪᠤᠯᠪᠠ᠃ ᠦᠨᠡᠨ ᠳᠤ ᠪᠠᠨ ᠳᠡᠶᠢᠮᠤ ᠰᠢᠭ᠋ ᠯᠠ ᠪᠠᠶᠢᠳᠠᠭ᠂ ᠳᠡᠭᠡᠭᠡᠳ ᠡᠨᠡ ᠠᠰᠠᠭᠤᠯᠳᠠ ᠶᠢᠨ ᠬᠠᠷᠢᠭᠤ ᠶᠢ ᠤᠯᠬᠤ ᠭᠡᠵᠤ ᠪᠢ ᠳᠡᠬᠦᠨ ᠲᠠᠢ ᠵᠤᠭᠤᠬᠳᠠᠬᠤ ᠶᠢᠨ ᠳᠠᠭᠠᠤ ᠳᠤ ᠡᠨᠡ ᠰᠡᠳᠤᠪ ᠲᠤ ᠪᠠᠨ ᠤᠢᠢᠷᠠᠳᠤᠭᠤᠯᠪᠠᠯ ᠵᠤᠬᠢᠶᠠᠯᠴᠢ ᠮᠠᠨᠢ ᠭᠡ ᠭᠡ ᠢᠨᠢᠶᠡᠴᠢᠭᠡᠵᠤ᠄ 《ᠬᠦᠮᠤᠨ ᠳᠤ ᠴᠠᠭ ᠦᠭᠡᠢ ᠭᠡᠳᠡᠭ ᠪᠤᠯ ᠬᠤᠳᠠᠯ︕ ᠶᠠᠭᠤ ᠶᠠᠭᠠᠬᠢᠬᠰᠠᠨ ᠬᠠᠳᠠᠭᠠᠰᠤᠨ ᠵᠤᠷᠢᠭ ᠰᠠᠨᠠᠭ᠎ᠠ᠂ ᠬᠠᠶᠢᠮᠢᠶᠠᠨ ᠶᠠᠭᠠᠬᠢᠯ᠎ᠠ ᠡᠨᠡ ᠳᠡᠷᠡ ᠭᠡᠳᠡᠭ ᠪᠤᠯ ᠪᠦᠷ ᠮᠠᠶ᠋ᠢᠬᠯᠠᠬᠰᠠᠨ ᠦᠭᠡ︕ ᠰᠦᠭᠡ ᠳᠠᠯᠠᠶᠢᠬᠤ ᠳᠤ ᠦᠭᠡᠷ ᠠᠮᠢᠰᠬᠤᠨ᠎ᠠ ᠭᠡᠰᠡᠨ ᠦᠭᠡ ᠪᠠᠶᠢᠳᠠᠭ ᠶᠤᠮ᠃ ᠨᠢᠭᠡ ᠪᠦᠯᠦᠭ ᠶᠠᠭᠠᠷᠠᠤ ᠬᠦᠮᠤᠰ ᠪᠠᠶᠢᠨ᠎ᠠ ᠤᠤ᠂ ᠦᠭᠡᠢ ᠤᠤ︖ ᠪᠠᠶᠢᠨ᠎ᠠ᠂ ᠭᠡᠪᠡᠴᠤ ᠶᠠᠭᠠᠬᠢᠵᠤ ᠶᠠᠭᠠᠷᠠᠯ᠎ᠠ ᠭᠡᠳ ᠶᠠᠭᠠᠷᠠᠬᠤ ᠳᠤ ᠪᠠᠨ ᠶᠠᠭᠠᠷᠠᠵᠤ᠂ ᠶᠠᠭᠠᠷᠠᠬᠤ ᠦᠭᠡᠢ ᠳᠤ ᠪᠠᠨ ᠶᠠᠭᠠᠬᠢᠪᠠᠴᠤ ᠵᠢᠭᠠᠬᠠᠨ ᠴᠢᠯᠦᠭᠡ ᠭᠠᠷᠤᠯᠬᠦᠢ ᠳ᠋ᠤᠤ᠃ ᠬᠠᠷᠢᠨ ᠴᠠᠭ ᠢᠶᠠᠨ ᠶᠠᠭᠠᠬᠢᠵᠤ ᠭᠡᠷᠡᠭᠯᠡᠬᠦ᠂ ᠶᠠᠮᠠᠷ ᠶᠠᠭᠤᠮᠠᠨ ᠳᠡᠭᠡᠷ᠎ᠠ ᠴᠠᠭ ᠢᠶᠠᠨ ᠵᠠᠷᠤᠴᠠᠭᠤᠯᠬᠤ ᠭᠡᠳᠡᠭ ᠪᠤᠯ ᠴᠢᠬᠤᠯᠠ ᠠᠰᠠᠭᠤᠳᠠᠯ᠃ ᠪᠢᠳᠠᠨ ᠤ ᠪᠠᠨ ᠵᠠᠩ ᠠᠭᠠᠯᠢ ᠪᠠᠷ ᠪᠤᠯ ᠤᠳᠤ ᠶᠢᠨ ᠬᠦᠮᠤᠰ ᠨᠢᠭᠡ ᠪᠤᠯ ᠡᠷᠭᠡ ᠵᠡᠷᠭᠡ ᠶᠢᠨ ᠵᠠᠮ ᠢᠶᠠᠷ ᠶᠠᠪᠤᠬᠤ᠂ ᠪᠠᠰᠠ ᠨᠢᠭᠡ ᠪᠦᠯᠦᠭ ᠨᠢ ᠤᠢᠢᠯᠡᠰ ᠪᠦᠳᠦᠭᠡᠬᠦ ᠵᠠᠮ ᠢᠶᠠᠷ ᠶᠠᠪᠤᠬᠤ᠂ ᠪᠠᠰᠠ ᠨᠢᠭᠡ ᠪᠦᠯᠦᠭ ᠬᠦᠮᠤᠰ ᠨᠢ ᠮᠠᠶᠢᠮᠠᠢ ᠠᠷᠠᠯᠵᠢᠶᠠᠨ ᠤ ᠵᠠᠮ ᠢᠶᠠᠷ ᠶᠠᠪᠤᠵᠤ ᠪᠠᠶᠢᠬᠤ ᠰᠢᠭ᠋ ᠪᠠᠶᠢᠨ᠎ᠠ ᠯᠠᠢ᠃ ᠭᠡᠷᠪᠡ ᠪᠠᠰᠠ ᠨᠢᠭᠡ ᠪᠦᠯᠦᠭ ᠬᠦᠮᠤᠰ ᠪᠠᠶᠢᠨ᠎ᠠ ᠭᠡᠵᠤ ᠭᠡᠯᠡᠪᠡᠯ ᠶᠠᠭᠤ ᠴᠤ ᠪᠤᠳᠤᠵᠤ ᠰᠠᠨᠠᠬᠤ ᠦᠭᠡᠢ ᠬᠦᠮᠤᠨ ᠤ ᠤᠷᠤᠰᠬᠠᠯ ᠳᠠᠭᠠᠭᠠᠳ ᠡᠳᠤᠷ ᠦᠡᠭ᠍ᠭᠡᠷᠡᠭᠡᠳᠡᠭ ᠬᠦᠮᠤᠰ᠃ ᠪᠢ ᠭᠡᠬᠦᠯᠡᠷ ᠨᠢ ᠨᠢᠭᠡᠨᠳᠡ ᠵᠤᠬᠢᠶᠠᠯ ᠪᠢᠴᠢᠶ᠎ᠠ ᠭᠡᠳ ᠪᠤᠳᠤᠴᠢᠬᠠᠬᠰᠠᠨ ᠬᠦᠮᠤᠨ᠂ ᠵᠤᠬᠢᠶᠠᠯ ᠢᠶᠠᠨ ᠪᠢᠴᠢᠳᠡᠭ ᠢᠶᠠᠨ ᠪᠢᠴᠢᠭᠡᠳ ᠢᠯᠡᠬᠦᠦ ᠭᠠᠷᠤᠬᠰᠠᠨ ᠴᠠᠭ ᠲᠤ ᠳᠤᠬᠯᠠᠵᠤ ᠨᠠᠭᠠᠳᠴᠤ ᠶᠠᠪᠤᠬᠤ ᠨᠢ ᠳᠡᠶᠢᠮᠤ ᠭᠠᠶᠢᠬᠠᠮᠠᠷ ᠤᠴᠢᠷ ᠶᠠ ᠪᠢᠰᠢ ᠪᠠ ᠳ᠋ᠠ᠃ ᠳᠡᠭᠡᠬᠦᠯᠡᠷ ᠨᠢ ᠮᠠᠶᠢᠮᠠᠢ ᠠᠷᠠᠯᠵᠢᠶ᠎ᠠ ᠬᠢᠭ᠍ᠰᠡᠨ ᠬᠦᠮᠤᠨ ᠪᠠᠰᠠ ᠭᠡᠴᠡᠬᠦᠦ ᠶᠠᠭᠤᠮ᠎ᠠ ᠪᠠᠶᠢᠨ᠎ᠠ ᠯᠠᠢ᠂ ᠭᠡᠵᠢᠶᠡᠳᠡ ᠯᠠ ᠳᠡᠬᠦᠨ ᠢᠶᠠᠨ ᠪᠤᠳᠤᠭᠠᠳ ᠭᠡᠪ ᠭᠡᠪ ᠭᠡᠵᠤ᠂ ᠵᠢᠭᠠᠬᠠᠨ ᠬᠢᠴᠢᠶᠡ ᠠᠯᠳᠠᠬᠤ ᠳᠤ ᠯᠠ ᠤᠷᠤᠴᠢᠬᠠᠬᠤ ᠰᠢᠤ ᠳ᠋ᠠ᠃ ᠳᠡᠷᠡ ᠡᠷᠭᠡ ᠵᠡᠷᠭᠡ ᠶᠢᠨ ᠵᠠᠮ ᠢᠶᠠᠷ ᠶᠠᠪᠤᠬᠰᠠᠨ ᠬᠦᠮᠤᠨ ᠨᠡᠩ ᠬᠦᠭᠡᠷᠤᠬᠦᠢ ᠂ ᠭᠡᠵᠢᠶ᠎ᠠ ᠶᠢᠨ ᠭᠡᠵᠢᠶᠡᠳᠡ ᠳᠡᠭᠡᠷᠡᠬᠢ ᠬᠦᠮᠤᠨ ᠤ ᠪᠠᠨ ᠴᠢᠷᠠᠢ ᠶᠢᠨ ᠦᠡᠭ᠍ᠭᠡ ᠶᠢ ᠰᠢᠨᠵᠢᠵᠤ᠂ ᠳᠡᠭᠡᠷᠡᠬᠢ ᠬᠦᠮᠤᠨ ᠤ ᠪᠠᠨ ᠡᠷᠡᠤ ᠶᠢᠨ ᠳᠤᠤᠭᠤᠷ ᠤᠷᠤᠵᠤ᠂ ᠳᠡᠭᠡᠷᠡᠬᠢ ᠬᠦᠮᠤᠨ ᠤ ᠳᠤᠷ᠎ᠠ ᠳᠠᠭ᠎ᠠ ᠳᠤ ᠨᠡᠶᠢᠴᠡᠬᠦᠯᠵᠤ ᠳᠡᠭᠡᠷᠡᠬᠢ ᠬᠦᠮᠤᠨ ᠳᠤ ᠪᠠᠨ ᠵᠢᠰᠦᠯᠡᠭᠳᠡᠬᠦ ᠶᠢᠨ ᠳᠦᠯᠦᠭᠡ ᠳᠤᠯᠤᠭᠠᠨ ᠵᠤᠷ ᠤᠨ ᠶᠠᠭᠤᠮ᠎ᠠ ᠪᠤᠳᠤᠵᠤ ᠯᠠ ᠪᠠᠶᠢᠬᠤ ᠭᠡᠷᠡᠭᠳᠡᠢ᠂ ᠬᠦᠮᠤᠨ ᠳᠤ ᠦᠵᠡᠭᠳᠡᠵᠤ ᠪᠤᠯᠬᠤ ᠦᠵᠡᠭᠳᠡᠵᠤ ᠪᠤᠯᠬᠤ ᠦᠭᠡᠢ ᠬᠢᠳᠠᠯ ᠢ ᠬᠢᠵᠤ ᠯᠠ ᠪᠠᠶᠢᠬᠤ ᠭᠡᠷᠡᠭᠳᠡᠢ᠃ ᠪᠠᠶᠢᠳᠠᠭ ᠠᠵᠢᠯ ᠢᠶᠠᠨ ᠳᠡᠭᠡᠭᠡᠳ ᠯᠠ ᠪᠠᠷᠠᠨ᠎ᠠ᠂ ᠳᠡᠭᠡᠬᠦ ᠮᠦᠷᠳᠡᠭᠡᠨ ᠦᠵᠦᠬᠦᠷ ᠬᠢᠵᠠᠭᠠᠷ ᠭᠡᠰᠡᠨ ᠶᠠᠭᠤᠮ᠎ᠠ ᠪᠠᠶᠢᠬᠤ ᠴᠤ ᠦᠭᠡᠢ᠂ ᠤᠯᠤᠰ ᠤᠨ ᠳᠡᠷᠢᠬᠦᠯᠡᠭᠴᠢ ᠪᠤᠯᠴᠢᠬᠠᠪᠠᠯ ᠯᠠ ᠤᠷᠬᠢᠯ ᠳᠤ ᠨᠢ ᠳᠤᠯᠬᠤ ᠶᠤᠮ ᠪᠢᠵᠡ》 ᠭᠡᠰᠡᠨ ᠪᠢᠯᠡ᠃ ᠳᠡᠭᠡᠭᠡᠳ ᠡᠨᠡ ᠠᠰᠠᠭᠤᠳᠠᠯ ᠤᠨ ᠤᠷᠴᠢᠨ ᠳᠤᠭᠤᠷᠢᠨ ᠳᠤ ᠶᠠᠷᠢᠯᠴᠠᠵᠤ ᠪᠠᠶᠢᠪᠠᠯ ᠵᠤᠬᠢᠶᠠᠯᠴᠢ ᠮᠠᠨᠢ᠂ ᠡᠨᠡ ᠠᠰᠠᠭᠤᠳᠠᠯ ᠰᠤᠶᠤᠯ ᠲᠠᠢ ᠬᠤᠯᠪᠤᠬᠳᠠᠨ᠎ᠠ᠂ ᠪᠠᠰᠠ ᠭᠡᠷ ᠤᠨ ᠰᠤᠷᠭᠠᠯ ᠲᠠᠢ ᠴᠤ ᠬᠤᠯᠪᠤᠬᠳᠠᠨ᠎ᠠ᠃ ᠮᠤᠩᠭ᠋ᠤᠯ ᠬᠦᠮᠤᠨ ᠤ ᠭᠡᠷ ᠤᠨ ᠰᠤᠷᠭᠠᠯ ᠳᠤ ᠬᠤᠯᠠᠭᠠᠢ᠂ ᠬᠤᠳᠠᠯ ᠢ ᠰᠦᠷᠡᠭᠡᠢ ᠵᠢᠭᠰᠢᠳᠡᠭ᠃ ᠳᠠᠷᠠᠭ᠎ᠠ ᠨᠢ ᠬᠤᠶᠢᠬᠤᠷ ᠵᠠᠯᠢᠬᠠᠢ᠂ ᠪᠢᠯᠳᠡᠤᠴᠢ ᠦᠡᠭ᠍ᠭᠡᠴᠢ ᠶᠢ ᠵᠢᠭᠰᠢᠵᠦ᠂ ᠳᠡᠷᠡᠴᠢᠯᠡᠨ ᠬᠦᠮᠤᠨ ᠳᠤ ᠮᠠᠭᠤ ᠰᠠᠨᠠᠭ᠎ᠠ ᠡᠪᠤᠷᠯᠡᠬᠦ ᠶᠢ ᠴᠡᠭᠡᠷᠯᠡᠳᠡᠭ᠃ ᠳᠡᠭᠡᠭ᠍ᠰᠡᠨ ᠳᠤ ᠪᠠᠨ ᠮᠤᠩᠭ᠋ᠤᠯ ᠬᠦᠮᠤᠨ ᠤ ᠦᠭᠡᠨ ᠳᠤ 《ᠬᠤᠳᠠᠯᠴᠢ ᠬᠦᠮᠤᠨ ᠬᠤᠯᠠᠭᠠᠢᠢᠴᠢ ᠬᠦᠮᠤᠨ ᠤ ᠳᠡᠬᠦᠦ》ᠭᠡᠬᠦ ᠶᠤᠮ ᠤᠤ ᠡᠰᠡᠬᠦᠯ᠎ᠠ《ᠪᠢᠯᠳᠡᠤᠴᠢ ᠬᠦᠮᠤᠨ ᠢᠯᠡᠬᠦᠦ ᠠᠷᠪᠠᠨ ᠳᠠᠪᠤᠨ ᠭᠠᠵᠠᠷ ᠬᠦᠶᠦᠨ᠎ᠠ》᠂《ᠤᠰᠤᠨ ᠭᠤᠯᠭᠤᠭᠤᠷ᠂ ᠳᠤᠰᠤᠨ ᠵᠦᠯᠬᠦᠬᠦᠷ᠂ ᠪᠠᠨ ᠵᠢᠩ ᠤᠨ ᠪᠢᠯᠳᠡᠤᠴᠢ᠂ ᠪᠠᠶᠠᠳ ᠨᠤᠶᠠᠳ ᠤᠨ ᠪᠦᠭ᠍ᠰᠡᠨ ᠵᠦᠯᠬᠦᠬᠦᠷ》 ᠭᠡᠵᠤ ᠪᠢᠯᠳᠡᠤᠴᠢ ᠬᠦᠮᠤᠨ ᠢ ᠵᠢᠭᠰᠢᠵᠦ᠂ 《ᠰᠠᠨᠠᠭ᠎ᠠ ᠮᠠᠭᠤᠳᠤ ᠶᠠᠪᠤᠨ ᠬᠠᠳᠠᠵᠤ᠂ ᠰᠠᠷᠢᠰᠤᠨ ᠪᠠᠭᠪᠠᠭ᠋ᠠᠢ ᠨᠠᠷᠠᠨ ᠳᠤ ᠬᠠᠳᠠᠨ᠎ᠠ》᠂《ᠰᠠᠨᠠᠭᠠᠨ ᠤ ᠮᠠᠭᠤ ᠪᠠᠷ ᠵᠠᠶᠠᠭ᠎ᠠ ᠪᠠᠷᠠᠵᠤ᠂ ᠰᠠᠪᠠᠨ ᠤ ᠮᠠᠭᠤ ᠪᠠᠷ ᠢᠳᠡᠭᠡ ᠪᠠᠷᠠᠬᠤ》 ᠁ ᠭᠡᠬᠦ ᠮᠡᠳᠤ ᠪᠠᠷ ᠭᠡᠯᠡᠳᠡᠭ᠃ ᠮᠠᠨᠤᠰ ᠡᠨᠡ ᠬᠦᠮᠤᠨ ᠤ ᠡᠷᠡᠤ ᠶᠢᠨ ᠳᠤᠤᠭᠤᠷ ᠤᠷᠤᠵᠤ᠂ ᠬᠠᠪᠠ ᠰᠢᠭ᠋ ᠠᠭᠠᠰᠢᠯᠠᠵᠤ ᠴᠢᠳᠠᠳᠠᠭ ᠦᠭᠡᠢ ᠨᠢ ᠡᠬᠦᠨ ᠠᠴᠠ ᠰᠢᠯᠳᠠᠭᠠᠯᠠᠬᠰᠠᠨ ᠭᠡᠵᠤ ᠭᠡᠯᠡᠭᠰᠡᠨ ᠪᠢᠯᠡ᠃ 2010 ᠤᠨ ᠤ ᠦᠶ᠎ᠠ ᠪᠠᠷ ᠪᠢ ᠵᠤᠬᠢᠶᠠᠯᠴᠢ ᠮ᠊ • ᠬᠠᠰᠪᠠᠭᠠᠨ᠎ᠠ ᠲᠠᠢ ᠵᠤᠯᠭᠠᠵᠤ᠂ ᠤᠷᠴᠢᠮ ᠶᠠᠭᠤ ᠬᠢᠵᠤ ᠪᠠᠶᠢᠨ᠎ᠠ︖ ᠭᠡᠪᠡᠯ ᠵᠤᠬᠢᠶᠠᠯᠴᠢ ᠮᠠᠨᠢ ᠮᠦᠨ ᠬᠢᠳᠡᠭ ᠢᠶᠠᠨ ᠯᠠ ᠬᠢᠵᠤ ᠪᠠᠶᠢᠨ᠎ᠠ᠃ ᠤᠳᠤ ᠳᠡᠳᠬᠦᠪᠤᠷᠢ ᠳᠤ ᠪᠠᠨ ᠭᠠᠷᠴᠢᠬᠠᠬᠰᠠᠨ (ᠠᠵᠢᠯ ᠠᠴᠠ ᠠᠮᠠᠷᠠᠬᠰᠠᠨ) ᠭᠡᠵᠤ ᠪᠠᠶᠢᠨ᠎ᠠ᠂ ᠳᠡᠭᠡᠭᠡᠳ ᠠᠵᠢᠯ ᠠᠴᠠ ᠪᠠᠨ ᠠᠮᠠᠷᠠᠴᠢᠬᠠᠬᠰᠠᠨ ᠪᠤᠯ ᠵᠢᠭᠠᠬᠠᠨ ᠳᠤᠬᠳᠠᠭᠤᠷᠢ ᠠᠯᠳᠠᠵᠤ ᠪᠠᠶᠢᠨ᠎ᠠ ᠤᠤ︖ ᠭᠡᠪᠡᠯ ᠳᠡᠷᠡ ᠮᠠᠨᠢ᠂ ᠳᠡᠮᠡᠢ ᠶᠡᠭᠡ ᠮᠡᠳᠡᠭᠳᠡᠬᠦ ᠦᠭᠡᠢ ᠳᠡᠷᠡ ᠤᠤ ᠂ ᠠᠵᠢᠯ ᠠᠴᠠ ᠠᠮᠠᠷᠠᠪᠠ ᠭᠡᠪᠡᠯ ᠠᠮᠠᠷᠠᠬᠰᠠᠨ ᠭᠠᠵᠠᠷ ᠶᠠ ᠦᠨᠡᠭᠡᠷ ᠪᠠᠶᠢᠨ᠎ᠠ᠂ ᠤᠳᠤ ᠨᠠᠳᠠ ᠳᠤ ᠤᠳᠤᠷᠢᠳᠤᠯᠭ᠎ᠠ ᠴᠦᠭᠡᠷᠡᠭᠰᠡᠨ᠂ ᠳᠡᠭᠡᠷ᠎ᠠ ᠭᠡᠬᠦᠯᠡᠷ ᠳᠦᠪ ᠬᠤᠷᠢᠶ᠎ᠠ ᠨᠢᠭᠡ ᠤᠳᠤᠷᠢᠳᠤᠯᠭ᠎ᠠ᠂ ᠳᠡᠷᠭᠡᠳᠡ ᠭᠡᠬᠦᠯᠡᠷ ᠡᠬᠦᠷ ᠤᠨ ᠳᠠᠷᠤᠭ᠎ᠠ ᠯᠠ ᠦᠯᠡᠳᠡᠭᠰᠡᠨ᠂ ᠡᠨᠡ ᠬᠤᠶᠠᠷ ᠤᠨ ᠵᠦᠪ ᠤᠳᠤᠷᠢᠳᠤᠯᠭ᠎ᠠ ᠶᠢ ᠳᠠᠭᠠᠴᠢᠬᠠᠪᠠᠯ ᠪᠤᠷᠤᠭᠤᠳᠠᠬᠤ ᠭᠠᠵᠠᠷ ᠴᠤ ᠦᠭᠡᠢ ᠪᠠᠶᠢᠨ᠎ᠠ ᠭᠡᠵᠤ ᠳᠤᠬᠯᠠᠭᠠᠮ ᠨᠠᠭᠠᠳᠤᠮ ᠪᠤᠯᠵᠤ ᠪᠠᠶᠢᠬᠰᠠᠨ᠃ ᠭᠡᠯᠡᠬᠦ ᠶᠢ ᠨᠢ ᠴᠤ ᠪᠦᠷ ᠳᠡᠭᠡᠵᠤ ᠭᠡᠯᠡᠳᠡᠭ ᠶᠤᠮ᠂ ᠭᠡᠬᠦᠯᠡᠷ ᠠᠵᠢᠯᠯᠠᠵᠤ ᠰᠤᠷᠤᠬᠰᠠᠨ ᠬᠦᠮᠤᠰ ᠢ ᠪᠠᠷᠢᠴᠠᠨ ᠠᠮᠠᠷᠠᠭᠠᠴᠢᠬᠠᠬᠤ ᠳᠤ ᠠᠯᠢ ᠠᠯᠢ ᠳᠤ ᠨᠢ ᠳᠠᠭ᠎ᠠ ᠦᠭᠡᠢ ᠪᠤᠯᠵᠤ ᠵᠤᠨ ᠪᠤᠯ ᠰᠡᠬᠦᠳᠡᠷ ᠲᠤ᠂ ᠡᠪᠤᠯ ᠪᠤᠯ ᠡᠭᠡᠪᠤᠷ ᠲᠤ ᠰᠠᠭᠤᠵᠤ 《ᠳᠡᠭᠡᠷᠮ᠎ᠠ ᠠᠴᠠ ᠪᠠᠭᠤᠯᠭᠠᠮᠠᠬᠴᠠ ᠡᠯᠵᠢᠭᠡ ᠪᠠᠨ ᠠᠯᠠᠴᠢᠬᠠᠯ᠎ᠠ》 ᠭᠡᠵᠤ ᠬᠠᠷᠢᠶᠠᠯ ᠳᠠᠯᠪᠢᠳᠠᠭ ᠨᠢ ᠵᠦᠡᠭᠳᠡᠭᠡᠨ ᠦᠵᠡᠭᠳᠡᠯ᠃ ᠭᠡᠳᠡᠯ᠎ᠠ ᠵᠤᠬᠢᠶᠠᠯᠴᠢ ᠮᠠᠨᠢ ᠦᠨᠡᠨ ᠰᠠᠨᠠᠭᠠᠨ ᠤ ᠪᠠᠨ ᠦᠭᠡ ᠶᠢ ᠭᠡᠯᠡᠵᠤ ᠯᠠ ᠪᠠᠶᠢᠬᠰᠠᠨ ᠪᠤᠯᠤᠯᠳᠠᠢ᠂ ᠠᠵᠢᠯ ᠠᠴᠠ ᠠᠮᠠᠷᠠᠬᠰᠠᠨ ᠤ ᠳᠠᠷᠠᠭ᠎ᠠ ᠪᠢᠴᠢᠬᠦ ᠨᠢ ᠠᠷᠪᠢᠳᠴᠤ᠂ ᠱᠠᠩᠨᠠᠯ ᠠᠪᠬᠤ ᠨᠢ ᠴᠤ ᠠᠷᠪᠢᠳᠤᠬᠰᠠᠨ᠃ ᠳᠠᠭᠤᠤ 《ᠵᠠᠭᠤᠨ ᠨᠠᠮᠤᠷ ᠤᠨ ᠵᠠᠶᠠᠭ᠎ᠠ》᠂ ᠲᠧᠯᠸᠢᠰ ᠵᠦᠴᠤᠭᠡ 《ᠤᠷᠳᠤᠰ ᠬᠤᠷᠢᠮ》ᠨᠢ ᠤᠷᠤᠨ ᠤ 《5 • 1》 ᠢᠨᠵᠧᠨᠧᠷᠢᠩ ᠤᠨ ᠱᠠᠩᠨᠠᠯ ᠳᠤᠰᠴᠤ᠂ 《ᠴᠢᠨ᠋ᠸ᠎ᠠ ᠲᠠᠢ ᠳᠠᠭᠤᠤ ᠲᠠᠢ ᠨᠤᠳᠤᠭ》 ᠳᠤᠭᠤᠵᠢ ᠨᠢ 《ᠳᠤᠷᠤᠨ᠎ᠠ》 ᠤᠳᠬ᠎ᠠ ᠵᠤᠬᠢᠶᠠᠯ ᠤᠨ ᠱᠠᠩᠨᠠᠯ᠂ 《ᠳᠠᠬᠢᠨ ᠬᠦᠮᠤᠵᠢᠯ》 ᠳᠤᠭᠤᠵᠢ ᠨᠢ 《ᠦᠨᠢᠷ ᠴᠡᠴᠡᠭ ᠱᠠᠩᠨᠠᠯ》 ᠬᠤᠶᠠᠳᠤᠭᠠᠷ ᠳᠡᠰ᠂ 《ᠳᠠᠭᠤᠨ ᠦᠭᠡᠢ ᠶᠢᠷᠳᠢᠨᠴᠤ》 ᠦᠬᠦᠯᠡᠯᠭᠡ ᠨᠢ 《ᠦᠨᠢᠷ ᠴᠡᠴᠡᠭ ᠱᠠᠩᠨᠠᠯ》ᠨᠢᠭᠡᠳᠤᠭᠡᠷ ᠢ ᠠᠪᠴᠤ᠂ 《ᠮᠤᠩᠭᠤᠯ ᠪᠦᠭᠡ ᠶᠢᠨ ᠳᠡᠪᠵᠢᠶᠡᠨ ᠳᠡᠭᠡᠷ᠎ᠠ》ᠳᠤᠭᠤᠵᠢ ᠨᠢ 《ᠤᠷᠳᠤᠰ ᠤᠳᠬ᠎ᠠ ᠵᠤᠬᠢᠶᠠᠯ ᠤᠨ ᠱᠠᠩᠨᠠᠯ》ᠢ᠋ ᠤᠯᠤᠬᠰᠠᠨ ᠪᠠᠶᠢᠨ᠎ᠠ᠃ ᠠᠵᠢᠯ ᠠᠴᠠ ᠠᠮᠠᠷᠠᠬᠰᠠᠨ ᠳᠦᠷᠪᠡᠨ ᠵᠢᠯ ᠭᠠᠷᠤᠢ ᠶᠢᠨ ᠤᠴᠢᠷ ᠰᠢᠤ ᠳ᠋ᠠ᠃ ᠵᠠ᠂ ᠳᠠ ᠴᠤ ᠪᠠᠰᠠ ᠪᠢᠴᠢᠭᠡᠳ ᠯᠠ ᠪᠠᠶᠢᠨ᠎ᠠ᠂ ᠶᠠᠮᠠᠷ ᠬᠦᠴᠤᠨ ᠵᠦᠢ ᠨᠢ ᠳᠠᠨ ᠢ ᠢᠡᠭ᠍ᠭᠢᠵᠤ ᠪᠢᠴᠢᠬᠦᠯᠦᠭᠡᠳ ᠪᠠᠶᠢᠳᠠᠭ ᠪᠠᠶᠢᠨ᠎ᠠ︖ ᠭᠡᠪᠡᠯ ᠵᠤᠬᠢᠶᠠᠯᠴᠢ ᠭᠤᠸᠠᠢ ᠮᠠᠨᠢ ᠤᠯᠤᠰ ᠦᠨᠳᠤᠰᠤᠳᠡᠨ ᠤ ᠳᠦᠯᠦᠭᠡ ᠭᠡᠪᠡᠯ ᠦᠨᠡᠨ ᠴᠤ ᠶᠤᠮ ᠤᠤ᠂ ᠬᠤᠳᠠᠯ ᠴᠤ ᠶᠤᠮ ᠤᠤ᠂ ᠶᠡᠭᠡ ᠦᠭᠡ ᠴᠤ ᠶᠤᠮ ᠤᠤ᠂ ᠳᠡᠭᠡᠬᠦᠯᠡᠷ ᠨᠢ ᠶᠠᠭ ᠰᠢᠯᠤᠭᠤᠨ ᠢᠶᠠᠷ ᠨᠢ ᠭᠡᠯᠡᠪᠡᠯ ᠳᠤᠷ᠎ᠠ ᠪᠡᠶ᠎ᠠ ᠶᠢ ᠭᠤᠯᠤᠬᠤ ᠦᠭᠡᠢ᠂ ᠳᠤᠮᠳᠠ ᠴᠢᠮᠤᠭᠡ ᠰᠡᠬᠦᠵᠢ ᠪᠠᠨ ᠭᠤᠯᠤᠬᠤ ᠦᠭᠡᠢ ᠭᠡᠳᠡᠭ ᠢᠶᠠᠷ ᠳᠤᠷ᠎ᠠ ᠲᠠᠢ ᠳᠤ ᠪᠠᠨ᠃ ᠭᠡᠴᠢᠨᠡᠭᠡᠨ ᠵᠢᠯ ᠢᠶᠠᠷ ᠬᠢᠵᠤ ᠰᠤᠷᠤᠬᠰᠠᠨ ᠠᠵᠢᠯ᠂ ᠵᠢᠭᠠᠬᠠᠨ ᠶᠠᠭᠤᠮ᠎ᠠ ᠪᠢᠴᠢᠵᠤ ᠪᠠᠶᠢᠬᠤ ᠦᠭᠡᠢ ᠪᠤᠯ ᠳᠤᠬᠳᠠᠭᠤᠷᠢ ᠠᠯᠳᠠᠭᠠᠳ ᠪᠠᠶᠢᠳᠠᠭ᠃ ᠵᠢᠭᠠᠬᠠᠨ ᠶᠠᠭᠤᠮ᠎ᠠ ᠪᠢᠴᠢᠴᠢᠭᠡᠪᠡ ᠭᠡᠬᠦᠯᠡᠷ ᠨᠢᠭᠡ ᠯᠠ ᠶᠡᠭᠡ ᠶᠠᠭᠤᠮ᠎ᠠ ᠬᠢᠴᠢᠭᠡᠭ᠍ᠰᠡᠨ ᠰᠢᠭ ᠰᠠᠨᠠᠬᠳᠠᠵᠤ ᠳᠤᠬᠯᠠᠪᠠᠴᠤ ᠨᠠᠭᠠᠳᠪᠠᠴᠤ ᠡᠷᠬᠢᠴᠡᠪᠡᠴᠤ ᠰᠠᠨᠠᠭ᠎ᠠ ᠳᠦᠬᠦᠷᠡᠩ ᠯᠠ ᠪᠠᠶᠢᠳᠠᠭ ᠭᠡᠵᠤ ᠭᠡᠯᠡᠪᠡ᠃ ᠳᠦᠷᠦᠬᠦᠦ ᠠᠷᠪᠠᠨ ᠭᠡᠳᠤᠨ ᠵᠢᠯ ᠤᠨ ᠡᠮᠤᠨ᠎ᠠ ᠵᠤᠬᠢᠶᠠᠯᠴᠢ ᠮᠠᠨᠢ ᠨᠢᠭᠡ ᠤᠳᠠᠭ᠎ᠠ ᠶᠢᠨ ᠰᠠᠭᠤᠨ ᠶᠠᠷᠢᠯᠴᠠᠬᠤ ᠬᠤᠷᠠᠯ ᠳᠡᠭᠡᠷ᠎ᠠ ᠪᠦᠭᠡ ᠳᠤ ᠨᠠᠰᠤᠨ ᠤ ᠪᠦᠭᠡ᠂ ᠶᠠᠰᠤᠨ ᠤ ᠪᠦᠭᠡ ᠭᠡᠵᠤ ᠪᠠᠶᠢᠳᠠᠭ ᠶᠤᠮ ᠭᠡᠨ᠎ᠠ ᠯᠠᠢ᠂ ᠨᠠᠰᠤᠨ ᠤ ᠪᠦᠭᠡ ᠭᠡᠭ᠍ᠴᠢ ᠨᠢ ᠵᠠᠯᠠᠭᠤ ᠨᠠᠰᠤᠨ ᠤ ᠤᠮᠤᠭ ᠢᠶᠠᠷ ᠪᠠᠷᠢᠯᠳᠤᠬᠤ ᠶᠢ ᠭᠡᠯᠡᠳᠡᠭ ᠪᠠᠶᠢᠬᠤ ᠳᠤ ᠶᠠᠰᠤᠨ ᠪᠦᠭᠡ ᠭᠡᠭ᠍ᠴᠢ ᠨᠢ ᠨᠠᠰᠤ ᠪᠢᠰᠢ ᠶᠠᠰᠤ ᠵᠢᠭᠠᠵᠤ ᠪᠠᠷᠢᠯᠳᠤᠬᠤ ᠶᠢ ᠭᠡᠯᠡᠳᠡᠭ ᠶᠤᠮ ᠭᠡᠵᠤ ᠭᠡᠯᠡᠬᠦᠯᠡᠷ ᠪᠤᠰᠤᠳ ᠨᠢ ᠵᠦᠢᠯ ᠵᠦᠢᠯ ᠤᠨ ᠬᠠᠷᠠᠴᠠ ᠪᠠᠷ ᠬᠠᠷᠠᠵᠤ ᠪᠠᠶᠢᠬᠰᠠᠨ ᠶᠤᠮ ᠭᠡᠨ᠎ᠠ ᠯᠠᠢ᠂ ᠤᠷᠴᠢᠮᠬᠠᠨ ᠳᠡᠷᠡ ᠬᠤᠷᠠᠯ ᠳᠤ ᠪᠠᠶᠢᠬᠰᠠᠨ ᠨᠢᠭᠡ ᠬᠦᠮᠤᠨ ᠨᠠᠳᠠ ᠳᠤ᠂ ᠵᠠ ᠶᠠᠭᠠᠬᠢᠬᠤᠪ᠂ ᠳᠡᠷᠡ ᠦᠶᠡᠰ ᠲᠤ ᠪᠢ ᠳᠡᠬᠦᠨ ᠢ ᠠᠮᠠᠨ ᠬᠠᠯᠠᠭᠤᠨ ᠢᠶᠠᠷ ᠳᠤᠷ᠎ᠠ ᠪᠠᠷ ᠶᠡᠭᠡ ᠦᠭᠡ ᠠᠶᠢᠯᠠᠳᠴᠤ ᠪᠠᠶᠢᠨ᠎ᠠ ᠭᠡᠵᠤ ᠪᠤᠳᠤᠬᠰᠠᠨ ᠶᠤᠮ᠃ ᠤᠳᠤ ᠪᠤᠳᠤᠬᠤᠯᠠᠷ ᠦᠨᠡᠨ ᠢᠶᠠᠨ ᠭᠡᠯᠡᠵᠤ ᠪᠠᠶᠢᠵᠠᠢ᠃ ᠦᠭᠡᠨ ᠳᠤ ᠪᠠᠨ ᠬᠦᠷᠳᠡᠭ ᠬᠦᠮᠤᠨ ᠰᠢᠤ︕ ᠳᠦᠷᠦᠬᠦᠦ ᠬᠤᠶᠠᠷ ᠵᠢᠯ 《ᠦᠨᠢᠷ ᠴᠡᠴᠡᠭ》 ᠳᠤᠭᠤᠵᠢ ᠶᠢᠨ ᠱᠠᠩᠨᠠᠯ ᠳᠤ ᠬᠤᠶᠠᠳᠤᠭᠠᠷ ᠳᠡᠰ ᠲᠤ ᠳᠤᠳᠤᠷᠠᠴᠢᠬᠠᠭᠠᠳ᠂ ᠦᠪᠤᠷ ᠮᠤᠩᠭ᠋ᠤᠯ ᠤᠨ ᠲᠧᠯᠸᠢᠰ ᠬᠤᠷᠢᠶᠠᠨ ᠤ ᠬᠢᠨ ᠰᠤᠷᠪᠤᠯᠵᠢᠯᠠᠬᠤ ᠳᠤ ᠪᠠᠨ᠂ ᠳᠠ ᠬᠤᠶᠠᠳᠤᠭᠠᠷ ᠳᠡᠰ ᠤᠨ ᠱᠠᠩᠨᠠᠯ ᠠᠪᠤᠬᠰᠠᠨ ᠳᠤ ᠪᠠᠨ ᠶᠠᠮᠠᠷ ᠰᠡᠳᠬᠢᠭ᠍ᠳᠡᠯ ᠲᠠᠢ ᠪᠠᠶᠢᠨ᠎ᠠ︖ ᠭᠡᠬᠦᠯᠡᠷ ᠵᠤᠬᠢᠶᠠᠯᠴᠢ ᠮᠠᠨᠢ ᠵᠠ ᠶᠠᠭᠠᠬᠢᠨ᠎ᠠ︖ ᠦᠨᠡᠨ ᠳᠤ ᠪᠠᠨ ᠪᠤᠯ ᠪᠢ ᠨᠢᠭᠡ ᠠᠬᠠᠮᠠᠳ ᠵᠤᠬᠢᠶᠠᠯᠴᠢ ᠡᠨᠡ ᠤᠳᠠᠭ᠎ᠠ ᠶᠢᠨ ᠮᠦᠷᠦᠢ ᠳᠤ ᠤᠷᠤᠬᠤ ᠦᠭᠡᠢ ᠪᠤᠯ ᠳᠠᠭᠠᠷᠠᠬᠤ ᠪᠠᠶᠢᠬᠰᠠᠨ᠂ ᠳᠡᠨᠡᠭ ᠬᠦᠮᠤᠨ ᠳᠤᠭᠤᠢ ᠳᠤ ᠪᠠᠨ ᠰᠦᠷᠳᠡᠢ ᠰᠢᠤ ᠳ᠋ᠠ᠃ ᠭᠡᠬᠦᠯᠡᠷ ᠪᠢ ᠪᠤᠯ 《ᠦᠨᠢᠷ ᠴᠡᠴᠡᠭ》 ᠰᠡᠳᠬᠦᠯ ᠳᠡᠭᠡᠷ᠎ᠠ ᠪᠡᠶ᠎ᠠ ᠦᠨᠳᠡᠶᠢᠭᠰᠡᠨ ᠵᠤᠬᠢᠶᠠᠯᠴᠢ᠂ ᠳᠡᠭᠡᠬᠦᠯᠡᠷ 《ᠦᠨᠢᠷ ᠴᠡᠴᠡᠭ 》 ᠮᠠᠨᠢ ᠡᠶᠢᠮᠤ ᠬᠦᠳᠡᠯᠭᠡᠭᠡᠨ ᠬᠢᠵᠤ ᠪᠠᠶᠢᠨ᠎ᠠ᠂ 《ᠦᠨᠢᠷ ᠴᠡᠴᠡᠭ》 ᠪᠤᠳᠤᠪᠠᠯ ᠪᠢ ᠠᠬᠠᠮᠠᠳ ᠪᠢᠰᠢ ᠵᠠᠯᠠᠭᠤ ᠪᠠᠷ ᠢᠶᠠᠨ ᠪᠠᠶᠢᠨ᠎ᠠ ᠂ ᠳᠡᠭᠡᠬᠦᠯᠡᠷ ᠨᠢ ᠤᠷᠤᠯᠴᠠᠬᠤ ᠦᠭᠡᠢ ᠨᠢ ᠤᠰᠤᠯᠳᠠᠬᠰᠠᠨ ᠰᠢᠭ᠋ ᠯᠠ ᠬᠢᠳᠠᠯ ᠪᠠᠶᠢᠨ᠎ᠠ᠂ ᠱᠠᠩᠨᠠᠯ ᠳᠤ ᠤᠷᠤᠯᠴᠠᠪᠠ ᠭᠡᠭᠴᠢ ᠨᠢ ᠰᠢᠯᠭᠠᠯᠳᠠ ᠳᠤ ᠤᠷᠤᠯᠴᠠᠯ᠎ᠠ ᠭᠡᠰᠡᠨ ᠯᠠ ᠦᠭᠡ᠃ ᠪᠢ ᠡᠨᠡ ᠤᠳᠠᠭ᠎ᠠ ᠪᠠᠷᠤᠬᠳᠠᠢ ᠰᠢᠭ᠋ ᠰᠢᠯᠭᠠᠭᠤᠯᠴᠢᠬᠠᠯ᠎ᠠ᠂ ᠳᠠᠷᠠᠭ᠎ᠠ ᠤᠳᠠᠭ᠎ᠠ ᠰᠠᠶᠢᠨ ᠰᠢᠯᠭᠠᠭᠤᠯᠤᠨ᠎ᠠ︕ ᠭᠡᠵᠤ ᠭᠡᠯᠡᠭᠰᠡᠨ ᠶᠤᠮ ᠭᠡᠨ᠎ᠠ ᠯᠠᠢ᠂ ᠪᠠᠰᠠ ᠴᠤ ᠭᠡᠨᠡᠨ ᠦᠭᠡ ᠶᠤᠮ ᠳ᠋ᠠ᠃ ᠳᠡᠭᠡᠭᠡᠳ ᠯᠠ ᠨᠢᠳᠤᠨᠤᠨ ᠵᠢᠯ ᠤᠨ《ᠦᠨᠢᠷ ᠴᠡᠴᠡᠭ》 ᠦᠬᠦᠯᠡᠯᠭᠡ ᠨᠠᠶᠢᠷᠠᠭᠤᠯᠤᠯ ᠤᠨ ᠱᠠᠩᠨᠠᠯ ᠳᠡᠭᠡᠷ᠎ᠠ ᠨᠢᠭᠡᠳᠤᠭᠡᠷ ᠢ ᠨᠢ ᠠᠪᠴᠤ ᠪᠠᠶᠢᠬᠤ ᠶᠢ ᠬᠠᠷᠠᠯ᠎ᠠ᠃ ᠳᠡᠭᠡᠭᠡᠳ ᠲᠧᠯᠸᠢᠰ ᠤᠨ ᠰᠤᠷᠪᠤᠯᠵᠢᠯᠠᠬᠴᠢ ᠤᠵᠠᠭᠤᠷ ᠤᠨ ᠭᠡᠯᠡᠭᠰᠡᠨ ᠢ ᠨᠢ ᠮᠦᠷᠳᠡᠵᠤ᠂ ᠵᠠ ᠨᠢᠭᠡᠳᠤᠭᠡᠷ ᠢ ᠨᠢ ᠠᠪᠤᠨ᠎ᠠ ᠭᠡᠰᠡᠨ ᠦᠭᠡᠨ ᠳᠤ ᠪᠠᠨ ᠬᠦᠷᠤᠯ᠎ᠠ᠂ ᠡᠨᠡ ᠳᠠᠯ᠎ᠠ ᠪᠠᠷ ᠳᠠ ᠵᠢᠭᠠᠬᠠᠨ ᠶᠠᠭᠤᠮ᠎ᠠ ᠶᠠᠷᠢᠨ᠎ᠠ ᠤᠤ︖ ᠭᠡᠬᠦᠯᠡᠷ ᠵᠤᠬᠢᠶᠠᠯᠴᠢ ᠮᠠᠨᠢ ᠬᠠᠷᠢᠨ ᠵᠢᠭᠠᠬᠠᠨ ᠢᠨᠢᠶᠡᠴᠢᠭᠡᠵᠤ᠂ ᠠᠢ᠂ ᠳᠡᠷᠡ ᠪᠦᠷ ᠳᠤᠬᠯᠠᠭᠠᠮ ᠤᠨ ᠦᠭᠡ ᠭᠡᠵᠤ ᠬᠠᠷᠢᠭᠤᠯᠵᠤ ᠪᠠᠶᠢᠭ᠎ᠠ ᠶᠢ ᠰᠤᠨᠤᠰᠤᠯ᠎ᠠ᠃ ᠮᠦᠨ ᠴᠤ ᠰᠦᠷᠡᠭᠡᠢ ᠳᠤᠬᠯᠠᠳᠠᠭ ᠬᠦᠮᠤᠨ ᠰᠢᠤ︕ ᠭᠡᠵᠤ ᠭᠡᠯᠡᠭᠰᠡᠨ ᠪᠢᠯᠡ᠃ ᠤᠷᠴᠢᠮᠬᠠᠨ ᠪᠢ ᠵᠤᠬᠢᠶᠠᠯᠴᠢ ᠮ᠊ • ᠬᠠᠰᠪᠠᠭᠠᠨ᠎ᠠ ᠶᠢᠨ ᠳᠦᠬᠦᠮ ᠨᠠᠮᠳᠠᠷ ᠢ ᠦᠵᠡᠵᠤ ᠪᠠᠶᠢᠭᠠᠳ ᠡᠨᠡ ᠬᠦᠮᠤᠨ ᠵᠤᠬᠢᠶᠠᠯ ᠪᠢᠴᠢᠭᠰᠡᠨ ᠠᠴᠠ ᠪᠠᠨ ᠬᠤᠶᠢᠰᠢ ᠳᠦᠷᠦᠬᠦᠦ ᠪᠠᠷ ᠰᠢᠯᠦᠭ᠂ ᠳᠠᠷᠠᠭ᠎ᠠ ᠨᠢ ᠦᠬᠦᠯᠡᠯᠭᠡ ᠨᠠᠶᠢᠷᠠᠭᠤᠯᠤᠯ᠂ ᠦᠬᠦᠯᠡᠯᠭᠡ ᠨᠠᠶᠢᠷᠠᠭᠤᠯᠤᠯ ᠤᠨ ᠢᠶᠠᠨ ᠰᠠᠭᠤᠷᠢᠨ ᠳᠡᠭᠡᠷ᠎ᠠ ᠳᠤᠭᠤᠵᠢ ᠷᠤᠮᠠᠨ ᠳᠤ ᠤᠷᠤᠵᠤ ᠬᠤᠷᠢᠨ ᠭᠡᠳᠤᠨ ᠳᠤᠭᠤᠵᠢ᠂ ᠳᠤᠯᠤᠭᠠᠨ ᠷᠤᠮᠠᠨ ᠪᠢᠴᠢᠭᠰᠡᠨ ᠢ ᠮᠡᠳᠡᠪᠡ᠃ ᠳᠠᠷᠠᠭ᠎ᠠ ᠨᠢ ᠺᠢᠨᠣ᠋ ᠤᠷᠠᠨ ᠵᠤᠬᠢᠶᠠᠯ᠂ ᠦᠷᠬᠦᠯᠵᠢᠯᠡᠭᠰᠡᠨ ᠲᠧᠯᠸᠢᠰ ᠵᠦᠴᠤᠭᠡ᠂ ᠳᠠᠭᠤᠯᠠᠯᠳᠤ ᠵᠦᠴᠤᠭᠡ᠂ ᠪᠠᠰᠠ ᠳᠦᠴᠢᠭᠡᠳ ᠳᠦᠮᠡᠨ ᠦᠰᠦᠭ ᠤᠨ 《ᠨᠢᠭᠡᠨ ᠵᠤᠬᠢᠶᠠᠯᠴᠢ ᠶᠢᠨ 365 ᠡᠳᠤᠷ》 ᠭᠡᠰᠡᠨ ᠡᠳᠤᠷ ᠤᠨ ᠳᠡᠮᠳᠡᠭᠯᠡᠯ ᠢᠶᠠᠨ 《ᠴᠤᠯᠮᠤᠨ》 ᠳᠡᠭᠡᠷ᠎ᠠ ᠨᠡᠶᠢᠳᠡᠯᠡᠵᠤ ᠪᠠᠶᠢᠭ᠎ᠠ᠂ ᠪᠠᠰᠠ 《ᠦᠪᠤᠷ ᠮᠤᠩᠭ᠋ᠤᠯ ᠤᠨ ᠶᠡᠭᠡ ᠰᠤᠷᠭᠠᠭᠤᠯᠢ》ᠶ᠋ᠢᠨ ᠭᠡᠪᠯᠡᠯ ᠤᠨ ᠬᠤᠷᠢᠶᠠᠨ ᠠᠴᠠ ᠳᠡᠬᠦᠨ ᠤ ᠤᠷᠳᠤᠰ ᠤᠨ ᠵᠠᠩ ᠤᠢᠢᠯᠡ ᠰᠤᠶᠤᠯ ᠤᠨ ᠰᠤᠷᠪᠤᠯᠵᠢᠯᠠᠭ᠎ᠠ ᠡᠮᠬᠢᠳᠭᠡᠯ ᠢ ᠨᠤᠮ ᠪᠤᠯᠭᠠᠨ ᠭᠡᠪᠯᠡᠵᠤ ᠪᠠᠶᠢᠭ᠎ᠠ᠂ ᠳᠠᠬᠢᠪᠠᠯ ᠪᠠᠰᠠ ᠪᠦᠰᠡᠬᠦᠢ ᠲᠠᠢ ᠪᠠᠨ ᠬᠠᠮᠳᠤᠷᠠᠨ《ᠤᠷᠳᠤᠰ ᠬᠤᠯᠪᠤᠭ᠎ᠠ ᠬᠤᠷᠰᠢᠶ᠎ᠠ ᠦᠭᠡ ᠶᠢᠨ ᠡᠮᠬᠢᠳᠭᠡᠯ》 ᠵᠢᠴᠢ 《ᠤᠷᠳᠤᠰ ᠬᠠᠪᠤᠳᠤ ᠭᠡᠯᠡᠯᠭᠡ ᠶᠢᠨ ᠡᠮᠬᠢᠳᠭᠡᠯ》 ᠭᠡᠰᠡᠨ ᠬᠤᠶᠠᠷ ᠨᠤᠮ ᠢᠶᠠᠨ ᠳᠤᠷᠭᠠᠨ ᠴᠠᠭᠠᠰᠤᠨ ᠳᠡᠭᠡᠷ᠎ᠠ ᠦᠰᠤᠨ ᠪᠢᠷ ᠢᠶᠠᠷ ᠪᠢᠴᠢᠭᠡᠳ ᠬᠠᠳᠠᠭᠠᠯᠠᠵᠤ ᠪᠠᠶᠢᠭ᠎ᠠ ᠭᠡᠰᠡᠨ ᠢ ᠮᠡᠳᠡᠪᠡ᠃ ᠳᠡᠭᠡᠵᠤ ᠪᠠᠶᠢᠳᠠᠯ᠎ᠠ ᠨᠢᠭᠡ ᠨᠦᠬᠦᠷ ᠨᠠᠳᠠ ᠳᠤ ᠵᠤᠬᠢᠶᠠᠯᠴᠢ ᠮ᠊ • ᠬᠠᠰᠪᠠᠭᠠᠨ᠎ᠠ ᠤᠷᠴᠢᠮ ᠨᠠᠶᠢᠷᠠᠬᠯᠠᠯ ᠪᠢᠴᠢᠵᠤ ᠪᠤᠢ ᠭᠡᠨ᠎ᠠ᠂ ᠭᠤᠷᠪᠠᠨ ᠮᠢᠩᠭ᠋᠎ᠠ ᠢᠯᠡᠬᠦᠦ ᠮᠦᠷ ᠪᠢᠴᠢᠴᠢᠭᠡᠵᠤ ᠵᠠᠷᠢᠮ ᠳᠤ ᠪᠠᠨ 《ᠮᠢᠨᠤ ᠡᠨᠡ ᠶᠡᠷᠦᠳᠡᠭᠡᠨ ᠰᠢᠯᠦᠭ ᠮᠦᠨ ᠤᠤ ᠪᠢᠰᠢ ᠤᠤ》 ᠭᠡᠴᠢᠭᠡᠭᠰᠡᠨ ᠭᠠᠶᠢᠬᠠᠴᠢᠬᠠᠬᠰᠠᠨ ᠰᠠᠭᠤᠵᠤ ᠪᠠᠶᠢᠨ᠎ᠠ ᠭᠡᠰᠡᠨ ᠴᠢᠮᠡᠭᠡ ᠭᠡᠯᠡᠪᠡ᠃ ᠪᠢ ᠵᠢᠭᠠᠬᠠᠨ ᠭᠠᠶᠢᠬᠠᠯ᠎ᠠ᠃ ᠳᠦᠷᠦᠬᠦᠦ ᠪᠠᠷ ᠪᠢ ᠵᠤᠯᠭᠠᠵᠤ᠂ ᠵᠠ ᠤᠳᠤ ᠶᠠᠭᠤᠨ ᠳᠤ ᠶᠠᠪᠤᠵᠤ ᠪᠠᠶᠢᠨ᠎ᠠ︖ ᠭᠡᠬᠦᠯᠡᠷ ᠳᠡᠷᠡ ᠭᠤᠸᠠᠢ᠂ ᠳᠠᠨ ᠤ ᠵᠠᠯᠠᠭᠤᠴᠤᠳ ᠢᠶᠠᠷ ᠺᠤᠮᠫᠢᠦ᠋ᠲ᠋ᠧᠷ ᠳᠡᠭᠡᠷ᠎ᠠ ᠵᠢᠭᠠᠬᠠᠨ ᠶᠠᠭᠤᠮ᠎ᠠ ᠪᠢᠴᠢᠬᠦᠯᠦᠶ᠎ᠠ ᠭᠡᠯ᠎ᠠ᠃ ᠳᠡᠷᠡ ᠶᠠᠭᠤᠮ᠎ᠠ ᠶᠢ ᠨᠢ ᠴᠢᠳᠠᠬᠤ ᠦᠭᠡᠢ ᠪᠠᠰᠠ ᠨᠢᠭᠡ ᠭᠠᠢ᠃ ᠦᠪᠤᠷ ᠮᠤᠩᠭ᠋ᠤᠯ ᠤᠨ ᠨᠠᠮ ᠤᠨ ᠬᠤᠷᠢᠶᠠᠨ ᠤ ᠤᠬᠠᠭᠤᠯᠬᠤ ᠭᠡᠯᠳᠡᠰ ᠤᠳᠤ ᠶᠠᠮᠠᠷ ᠶᠠᠭᠠᠬᠢᠬᠰᠠᠨ ᠰᠤᠶᠤᠯ ᠤᠨ ᠭᠤᠯᠳᠤᠩ ᠤᠨ ᠬᠦᠳᠡᠯᠭᠡᠭᠡᠨ ᠪᠤᠯᠵᠤ ᠶᠡᠭᠡ ᠠᠷᠪᠢᠨ ᠨᠤᠮ ᠭᠠᠷᠭᠠᠬᠤ ᠶᠤᠮ ᠭᠡᠨ᠎ᠠ᠂ ᠳᠡᠭᠡᠭᠡᠳ ᠨᠠᠳᠠ ᠳᠤ 《ᠠᠩ ᠠᠪᠠ ᠶᠢᠨ ᠰᠤᠶᠤᠯ》᠂《ᠮᠤᠩᠭ᠋ᠤᠯ ᠳᠠᠷᠢᠶᠠᠯᠠᠬᠤ ᠰᠤᠶᠤᠯ》᠂《ᠮᠤᠩᠭ᠋ᠤᠯ ᠠᠷᠠᠯᠵᠢᠶ᠎ᠠ ᠬᠤᠳᠠᠯᠳᠤᠭᠠᠨ ᠤ ᠰᠤᠶᠤᠯ》 ᠭᠡᠰᠡᠨ ᠭᠤᠷᠪᠠᠨ ᠨᠤᠮ ᠪᠢᠴᠢᠬᠦ ᠡᠬᠦᠷᠭᠡ ᠦᠭᠴᠢᠭᠡᠯ᠎ᠠ᠂ ᠳᠡᠭᠡᠭᠡᠳ ᠵᠤᠬᠢᠶᠠᠯ ᠤᠨ ᠳᠦᠢᠮᠤ ᠪᠠᠨ ᠵᠠᠪᠠᠯ ᠺᠤᠮᠫᠢᠦ᠋ᠲ᠋ᠧᠷ ᠢᠶᠠᠷ ᠪᠢᠴᠢᠳᠡᠭ ᠭᠡᠨ᠎ᠠ︕ ᠭᠡᠴᠢᠭᠡᠭ᠍ᠰᠡᠨ ᠶᠠᠪᠤᠵᠤ ᠪᠠᠶᠢᠬᠰᠠᠨ᠃ ᠨᠠᠶᠢᠷᠠᠬᠯᠠᠯ ᠪᠢᠴᠢᠵᠤ ᠪᠠᠶᠢᠨ᠎ᠠ ᠭᠡᠰᠡᠨ ᠶᠠᠭᠤᠮ᠎ᠠ ᠶᠠᠷᠢᠭ᠎ᠠ ᠦᠭᠡᠢ ᠯᠠ ᠳ᠋ᠠ᠂ ᠳᠠᠬᠢᠭᠠᠳ ᠨᠢᠭᠡ ᠨᠢ ᠰᠢᠯᠦᠭ ᠭᠡᠭ᠍ᠴᠢ ᠶᠢ ᠵᠠᠯᠠᠭᠤ ᠳᠡᠭᠡᠷ᠎ᠠ ᠪᠢᠴᠢᠳᠡᠭ ᠭᠡᠰᠡᠨ ᠪᠢᠰᠢ ᠶᠤᠮ ᠤᠤ︖ ᠤᠳᠤ ᠵᠢᠷᠠ ᠦᠡᠭ᠍ᠭᠡᠷᠡᠵᠤ ᠵᠠᠵᠢ ᠨᠢ ᠴᠠᠶᠢᠴᠢᠬᠠᠭᠠᠳ ᠰᠢᠯᠦᠭ ᠪᠢᠴᠢᠪᠡ ᠭᠡᠭ᠍ᠴᠢ ᠨᠢ ᠦᠰᠭᠡᠨ ᠲᠠᠢ ᠦᠭᠡ ᠪᠠᠶᠢᠯᠭᠦᠢ ᠭᠡᠵᠤ ᠪᠤᠳᠤᠯ᠎ᠠ᠃

    ᠳᠡᠭᠡᠵᠤ ᠪᠠᠶᠢᠳᠠᠯ᠎ᠠ《ᠦᠪᠤᠷ ᠮᠤᠩᠭ᠋ᠤᠯ ᠤᠨ ᠡᠳᠤᠷ ᠤᠨ ᠰᠤᠨᠢᠨ》 ᠡᠴᠠ ᠤᠷᠳᠤᠰ ᠨᠤᠳᠤᠭ ᠲᠠᠢ ᠵᠤᠬᠢᠶᠠᠯᠴᠢ ᠶᠢᠨ ᠳᠤᠬᠠᠢ ᠰᠤᠷᠪᠤᠯᠵᠢᠯᠠᠬᠤ ᠡᠬᠦᠷᠭᠡ ᠶᠢ ᠨᠠᠳᠠ ᠨᠠᠶᠢᠳᠠᠬᠰᠠᠨ ᠢᠶᠠᠷ ᠪᠢ ᠮ᠊ • ᠬᠠᠰᠪᠠᠭᠠᠨ᠎ᠠ ᠶᠢ ᠰᠤᠷᠪᠤᠯᠵᠢᠯᠠᠬᠤ ᠪᠠᠷ ᠤᠴᠢᠪᠠ᠃ ᠵᠠ᠂ ᠰᠠᠶᠢᠨ ᠪᠠᠶᠢᠨ᠎ᠠ ᠤᠤ︖ ᠳᠠᠨ ᠤ ᠳᠦᠬᠦᠮ ᠨᠠᠮᠳᠠᠷ ᠢ ᠦᠵᠡᠯ᠎ᠠ᠂ ᠳᠠ ᠦᠬᠦᠯᠡᠯᠭᠡ ᠨᠠᠶᠢᠷᠠᠭᠤᠯᠤᠯ᠂ ᠳᠤᠭᠤᠵᠢ᠂ ᠷᠤᠮᠠᠨ᠂ ᠵᠦᠴᠤᠭᠡ ᠶᠢᠨ ᠵᠤᠬᠢᠶᠠᠯ ᠠᠴᠠ ᠤᠨᠳᠤᠤ ᠪᠠᠰᠠ ᠦᠬᠦᠯᠡᠯ ᠰᠢᠬᠦᠮᠵᠢ᠂ ᠡᠳᠤᠷ ᠤᠨ ᠳᠡᠮᠳᠡᠭᠯᠡᠯ᠂ ᠪᠠᠰᠠ ᠬᠤᠶᠠᠷ ᠨᠤᠮ ᠢᠶᠠᠨ ᠪᠢᠴᠢᠴᠢᠭᠡᠳ ᠨᠡᠶᠢᠳᠡᠯᠡᠬᠦ ᠦᠭᠡᠢ ᠬᠠᠳᠠᠭᠠᠯᠠᠯ᠎ᠠ ᠭᠡᠵᠤ ᠴᠤ ᠪᠠᠶᠢᠨ᠎ᠠ᠂ ᠡᠬᠦᠨ ᠤ ᠪᠠᠨ ᠳᠤᠬᠠᠢ ᠵᠢᠭᠠᠬᠠᠨ ᠶᠠᠷᠢᠬᠤ ᠦᠭᠡᠢ ᠤᠤ︖ ᠭᠡᠬᠦᠯᠡᠷ ᠵᠤᠬᠢᠶᠠᠯᠴᠢ ᠭᠤᠸᠠᠢ ᠮᠠᠨᠢ᠄ ᠦᠬᠦᠯᠡᠯ ᠰᠢᠬᠦᠮᠵᠢ ᠭᠡᠭ᠍ᠴᠢ ᠨᠢ ᠡᠶᠢᠮᠤ ᠶᠠᠭᠤᠮ᠎ᠠ ᠶᠤᠮ ᠠ᠋᠂ ᠶᠠᠭ ᠦᠬᠦᠯᠡᠯ ᠰᠢᠬᠦᠮᠵᠢ ᠶᠢᠨ ᠬᠠᠨᠳᠤᠯᠭ᠎ᠠ ᠪᠠᠷ ᠪᠢᠴᠢᠬᠦ ᠭᠡ ᠦᠭᠡᠢ᠃ ᠬᠦᠮᠤᠨ ᠭᠡᠰᠡᠨ ᠶᠠᠭᠤᠮ᠎ᠠ ᠨᠢᠭᠡ ᠷᠠᠪᠵᠤᠩ (ᠢᠭᠡ ᠵᠢᠷᠠᠨ ᠵᠢᠯ) ᠦᠡᠭᠭᠡᠷᠡᠪᠡᠯ ᠬᠠᠭᠤᠴᠢᠨ ᠬᠦᠮᠤᠨ ᠪᠤᠯᠴᠢᠬᠠᠳᠠᠭ ᠶᠤᠮ ᠪᠠᠶᠢᠨ᠎ᠠ᠂ ᠳᠡᠭᠡᠬᠦᠯᠡᠷ ᠨᠢ ᠡᠨᠡ ᠳᠡᠷᠡ ᠬᠦᠮᠤᠨ ᠡᠰᠡᠬᠦᠯ᠎ᠠ ᠷᠠᠳᠢᠣ᠋᠂ ᠲᠧᠯᠸᠢᠰ ᠤᠨ ᠰᠤᠷᠪᠤᠯᠵᠢᠯᠠᠬᠴᠢ ᠨᠠᠷ ᠦᠡᠭ᠍ᠭᠡᠷᠡᠭᠰᠡᠨ ᠤᠴᠢᠷ ᠢ ᠠᠰᠠᠭᠤᠳᠠᠭ᠃ ᠮᠡᠳᠡᠬᠦ ᠪᠠᠷ ᠢᠶᠠᠨ ᠭᠡᠯᠡᠯ᠎ᠠ᠂ ᠮᠡᠳᠡᠬᠦ ᠦᠭᠡᠢ ᠶᠠᠭᠤᠮ᠎ᠠ ᠶᠢ ᠨᠢ ᠠᠰᠠᠭᠤᠵᠤ ᠮᠡᠳᠡᠵᠤ ᠠᠪᠤᠭᠠᠳ ᠭᠡᠯᠡᠯ᠎ᠠ᠃ ᠳᠦᠴᠢᠨ ᠵᠢᠯ ᠦᠡᠭ᠍ᠭᠡᠷᠡᠪᠡᠯ ᠳᠡᠤᠭᠡ ᠰᠤᠶᠤᠯ ᠪᠤᠯᠴᠢᠬᠠᠳᠠᠭ ᠶᠤᠮ ᠪᠠᠶᠢᠨ᠎ᠠ᠃ ᠦᠭᠡᠢ᠂ ᠡᠬᠦᠨ ᠢ ᠪᠢᠴᠢᠵᠤ ᠳᠠᠯᠪᠢᠬᠤ ᠦᠭᠡᠢ ᠪᠤᠯ ᠭᠡᠭᠡᠭ᠍ᠳᠡᠴᠢᠭᠡᠬᠦ ᠶᠤᠮ ᠪᠠᠶᠢᠨ᠎ᠠ ᠭᠡᠳ ᠪᠢᠴᠢᠭᠰᠡᠭᠡᠷ ᠪᠢᠴᠢᠭᠰᠡᠭᠡᠷ ᠪᠠᠶᠢᠭᠠᠳ ᠠᠷᠪᠢᠳᠴᠤ ᠨᠢᠭᠡ ᠨᠤᠮ ᠪᠤᠯᠴᠢᠬᠠᠳᠠᠭ᠃ ᠳᠡᠷᠡ ᠡᠳᠤᠷ ᠤᠨ ᠳᠡᠮᠳᠡᠭᠯᠡᠯ ᠬᠡᠭ᠍ᠴᠢ ᠨᠢ ᠪᠤᠯ ᠳᠡᠷᠡ ᠵᠢᠯ ᠤᠨ ᠨᠡᠶᠢᠳᠡᠯᠢᠭ ᠪᠤᠰᠤ ᠠᠭᠤᠰᠬᠢᠨ ᠦᠷᠪᠢᠰᠤᠯ ᠳᠡᠯᠭᠡᠷᠡᠵᠤ ᠬᠦᠮᠤᠨ ᠠᠶᠤᠯᠭᠠᠬᠰᠠᠨ ᠵᠢᠯ ᠪᠢ ᠨᠢᠭᠡ ᠡᠳᠤᠷ ᠴᠤ ᠤᠰᠤᠯᠳᠠᠭ᠎ᠠ ᠦᠭᠡᠢ ᠪᠠᠷ ᠳᠡᠮᠳᠡᠭᠯᠡᠯ ᠬᠢᠭ᠍ᠰᠡᠨ ᠶᠤᠮ᠃ ᠰᠡᠬᠦᠯ ᠳᠤ ᠨᠢ ᠦᠵᠡᠭᠡᠳ ᠪᠠᠶᠢᠬᠤᠯᠠᠷ ᠴᠤᠬᠤᠮ ᠰᠠᠶᠢᠬᠢ ᠳᠠᠪᠤᠨ ᠦᠨᠤᠷᠳᠡᠨ ᠢ ᠨᠠᠶᠢᠷᠠᠭᠤᠯᠤᠬᠰᠠᠨ ᠰᠢᠭ᠋ ᠶᠠᠭᠤᠮ᠎ᠠ ᠪᠤᠯᠴᠢᠬᠠᠬᠰᠠᠨ ᠢ ᠪᠢ《ᠴᠤᠯᠮᠤᠨ》 ᠰᠡᠳᠬᠦᠯ ᠳᠤ ᠦᠭᠴᠢᠭᠡᠭᠰᠡᠨ ᠶᠤᠮ ᠭᠡᠯ᠎ᠠ᠃ ᠦ᠂ ᠳᠡᠶᠢᠮᠤ ᠶᠠᠭᠤᠮ᠎ᠠ ᠶᠤᠮ ᠪᠠᠶᠢᠨ᠎ᠠ᠂ ᠳᠡᠭᠡᠪᠡᠯ ᠳᠡᠷᠡ ᠨᠡᠶᠢᠳᠡᠯᠡᠬᠦ ᠦᠭᠡᠢ ᠳᠠᠷᠤᠬᠰᠠᠨ ᠬᠤᠶᠠᠷ ᠨᠤᠮ ᠨᠢ ᠶᠠᠮᠠᠷ ᠤᠴᠢᠷ ᠲᠠᠢ ᠶᠤᠮ ︖ ᠭᠡᠵᠤ ᠪᠢ ᠠᠰᠠᠭᠤᠪᠠᠯ ᠵᠤᠬᠢᠶᠠᠯᠴᠢ ᠮᠠᠨᠢ ᠵᠢᠭᠠᠬᠠᠨ ᠠᠷᠭ᠎ᠠ ᠪᠠᠷᠠᠬᠳᠠᠨ ᠢᠨᠢᠶᠡᠮᠰᠦᠭᠯᠡᠵᠤ᠄ ᠡᠶᠢᠮᠤ ᠶᠠᠭᠤᠮ᠎ᠠ ᠶᠤᠮ ᠠ᠋᠂ ᠨᠢᠭᠡ ᠨᠠᠶᠢᠵᠠ ᠭᠡᠯᠡᠵᠤ ᠦᠷᠯᠦᠭᠡ ᠦᠷᠯᠦᠭᠡ ᠦᠰᠤᠨ ᠪᠢᠷ ᠪᠤᠯᠪᠠᠰᠤᠷᠠᠪᠠᠯ ᠠᠮᠢᠰᠬᠤᠯ ᠤᠨ ᠳᠠᠮᠢᠷ ᠬᠢᠭᠰᠡᠨ ᠲᠠᠢ ᠳᠡᠩᠴᠡᠨ᠎ᠠ ᠭᠡᠯ᠎ᠠ᠃ ᠵᠠ ᠳᠡᠭᠡᠪᠡᠯ ᠡᠨᠡ ᠠᠮᠠᠷᠬᠠᠨ ᠪᠤᠯᠪᠠᠰᠤᠷᠠᠯ ᠪᠠᠶᠢᠨ᠎ᠠ ᠭᠡᠳ ᠪᠢᠴᠢᠯ᠎ᠠ᠃ ᠳᠦᠷᠦᠬᠦᠦ ᠪᠠᠷ ᠡᠨᠡ ᠰᠢᠯᠦᠭ ᠳᠡᠷᠡ ᠪᠠᠳᠠᠭ ᠭᠡᠳ ᠪᠢᠴᠢᠯ᠎ᠠ᠂ ᠰᠡᠬᠦᠯ ᠳᠤ ᠪᠤᠳᠤᠭᠠᠳ ᠪᠠᠶᠢᠬᠤᠯᠠᠷ ᠨᠢᠭᠡᠨᠳᠡ ᠯᠠ ᠪᠢᠴᠢᠪᠡ ᠭᠡᠪᠡᠯ ᠵᠢᠭᠠᠬᠠᠨ ᠠᠰᠢᠬᠳᠠᠢ ᠶᠠᠭᠤᠮ᠎ᠠ ᠪᠢᠴᠢᠶ᠎ᠠ ᠭᠡᠵᠤ ᠪᠤᠳᠤᠭᠠᠳ ᠤᠷᠳᠤᠰ ᠬᠤᠯᠪᠤᠭ᠎ᠠ ᠬᠤᠷᠰᠢᠶ᠎ᠠ᠂ ᠬᠤᠯᠪᠤᠭ᠎ᠠ ᠦᠭᠡ ᠶᠢ ᠡᠮᠬᠢᠳᠭᠡᠶ᠎ᠠ ᠭᠡᠵᠤ ᠪᠤᠳᠤᠯ᠎ᠠ᠃ ᠤᠴᠢᠷ ᠨᠢ ᠪᠢ ᠤᠷᠳᠤᠰ ᠬᠤᠯᠪᠤᠭ᠎ᠠ ᠬᠤᠷᠰᠢᠶ᠎ᠠ ᠦᠭᠡ ᠦᠪᠡᠷᠮᠢᠴᠡ ᠤᠨᠴᠠᠯᠢᠭ ᠲᠠᠢ ᠶᠢ ᠳᠦᠷᠦᠬᠦᠦ ᠪᠠᠷ ᠰᠡᠷᠡᠵᠤ ᠮᠡᠳᠡᠭᠰᠡᠨ ᠶᠤᠮ᠃ ᠢᠡᠭ᠍ᠭᠢᠵᠤ ᠡᠮᠬᠢᠳᠭᠡᠬᠦ ᠳᠤ ᠪᠦᠰᠡᠬᠦᠢ ᠰᠦᠷᠡᠭᠡᠢ ᠳᠤᠰᠠ ᠪᠤᠯᠵᠤ ᠮᠢᠨᠤ ᠮᠠᠷᠳᠠᠬᠰᠠᠨ ᠪᠤᠶᠤ ᠦᠯᠦ ᠮᠡᠳᠡᠬᠦ ᠶᠢ ᠨᠦᠬᠦᠪᠤᠷᠢᠯᠡᠭᠰᠡᠨ ᠶᠤᠮ᠃ ᠡᠬᠦᠨ ᠢᠶᠠᠨ ᠪᠠᠷᠠᠴᠢᠬᠠᠭᠠᠳ ᠤᠷᠳᠤᠰ ᠬᠠᠪᠤᠳᠤ ᠭᠡᠯᠡᠯᠭᠡ ᠶᠢ ᠡᠮᠬᠢᠳᠭᠡᠭ᠍ᠰᠡᠨ ᠤᠬᠠᠭᠠᠨ ᠲᠠᠢ᠂ ᠤᠳᠤ ᠳᠡᠭᠡᠷ᠎ᠠ ᠳᠡᠮᠡᠢ ᠠᠰᠢᠭ ᠦᠭᠡᠢ ᠶᠠᠭᠤᠮ᠎ᠠ ᠪᠠᠶᠢᠬᠤ ᠮᠠᠭᠠᠳ ᠦᠭᠡᠢ᠂ ᠤᠨ ᠤᠳᠠᠪᠠᠯ ᠪᠠᠰᠠ ᠳᠤᠰᠠ ᠪᠤᠯᠴᠢᠬᠠᠬᠤ ᠮᠠᠭᠠᠳ ᠦᠭᠡᠢ ᠭᠡᠳ ᠪᠢᠴᠢᠭᠡᠳ ᠳᠠᠷᠤᠬᠰᠠᠨ ᠶᠤᠮ ᠭᠡᠯ᠎ᠠ᠃

    ᠳᠡᠭᠡᠭᠡᠳ ᠪᠢ ᠪᠤᠳᠤᠭᠠᠳ ᠪᠠᠶᠢᠬᠤᠯᠠᠷ ᠡᠨᠡ ᠵᠤᠬᠢᠶᠠᠯᠴᠢ ᠮᠠᠨᠢ ᠴᠤᠬᠤᠮ ᠵᠤᠷᠢᠯᠭ᠎ᠠ ᠲᠠᠢ ᠶᠤᠮ ᠤᠤ ᠵᠤᠷᠢᠯᠭ᠎ᠠ ᠦᠭᠡᠢ ᠶᠤᠮ ᠤᠤ ︖ ᠤᠷᠠᠨ ᠵᠤᠬᠢᠶᠠᠯ ᠤᠨ ᠳᠦᠷᠤᠯ ᠵᠦᠢᠯ ᠢ ᠪᠦᠷ ᠨᠢᠭᠡ ᠭᠢᠴᠢᠭᠡᠭᠰᠡᠨ ᠰᠢᠭ ᠰᠠᠨᠠᠬᠳᠠᠪᠠ᠃ ᠦ᠂ ᠮᠡᠳᠡᠭᠡᠯᠡᠯ ᠤᠨ ᠤᠷᠠᠨ ᠵᠤᠬᠢᠶᠠᠯ ᠢ ᠪᠢᠴᠢᠭᠰᠡᠨ ᠦᠭᠡᠢ ᠴᠤ ᠶᠤᠮ ᠤᠤ᠂ ᠪᠢᠴᠢᠭᠰᠡᠨ ᠦᠭᠡᠢ ᠪᠠᠷ ᠪᠤᠳᠤᠬᠤ ᠳᠤ ᠰᠢᠯᠦᠭ ᠬᠦᠷᠳᠡᠯ᠎ᠠ ᠪᠢᠴᠢᠵᠤ ᠦᠵᠡᠵᠤ ᠪᠠᠶᠢᠭ᠎ᠠ ᠬᠦᠮᠤᠨ ᠳᠤ ᠮᠡᠳᠡᠭᠡᠯᠡᠯ ᠤᠨ ᠤᠷᠠᠨ ᠵᠤᠬᠢᠶᠠᠯ ᠴᠤ ᠪᠤᠯ ᠪᠢᠴᠢᠶ᠎ᠠ ᠭᠡᠪᠡᠯ ᠪᠢᠴᠢᠴᠢᠭᠡᠳᠡᠭ ᠪᠠᠶᠢᠯᠭᠦᠢ᠂ ᠳᠡᠭᠡᠪᠡᠯ ᠨᠠᠶᠢᠷᠠᠬᠯᠠᠯ ᠪᠢᠴᠢᠵᠤ ᠪᠠᠶᠢᠨ᠎ᠠ ᠭᠡᠳᠡᠭ ᠨᠢ ᠦᠨᠡᠨ ᠶᠤᠮ ᠪᠢᠯᠡ ᠤᠤ︖ ᠭᠡᠵᠤ ᠪᠤᠳᠤᠭᠠᠳ᠂ ᠦᠭᠡᠢ ᠳᠡᠭᠡᠭᠡᠳ ᠳᠠᠨ ᠢ ᠨᠠᠶᠢᠷᠠᠬᠯᠠᠯ ᠪᠢᠴᠢᠵᠤ ᠪᠠᠶᠢᠨ᠎ᠠ ᠭᠡᠵᠤ ᠰᠤᠨᠤᠰᠤᠯ᠎ᠠ᠂ ᠡᠨᠡ ᠦᠭᠡ ᠦᠨᠡᠨ ᠶᠤᠮ ᠪᠢᠯᠡ ᠤᠤ︖ ᠭᠡᠪᠡᠯ ᠵᠤᠬᠢᠶᠠᠯᠴᠢ ᠮᠠᠨᠢ ᠳᠤᠯᠤᠭᠠᠢ ᠳᠤᠬᠢᠵᠤ᠂ ᠦᠨᠡᠭᠡᠷ ᠨᠢᠭᠡ ᠶᠠᠭᠤᠮ᠎ᠠ ᠪᠢᠴᠢᠵᠤ ᠪᠠᠶᠢᠨ᠎ᠠ᠂ ᠪᠤᠯᠬᠤ᠂ ᠪᠤᠯᠬᠤ ᠦᠭᠡᠢ ᠶᠢ ᠮᠡᠳᠡᠬᠦ ᠠᠷᠭ᠎ᠠ ᠦᠭᠡᠢ᠃ ᠪᠤᠯᠴᠢᠬᠠᠬᠤ ᠭᠡᠳ ᠪᠤᠳᠤᠵᠤ ᠪᠠᠶᠢᠨ᠎ᠠ᠃ ᠪᠢ ᠳᠠᠭᠤᠤ ᠶᠢᠨ ᠦᠭᠡ ᠶᠠ ᠪᠢᠴᠢᠵᠤ ᠦᠵᠡᠭᠰᠡᠨ᠂ ᠮᠢᠨᠤ ᠨᠢᠭᠡ ᠵᠢᠭᠡ ᠳᠠᠭᠤᠤ ᠶᠢᠨ ᠠᠶ᠎ᠠ ᠰᠠᠶᠢᠬᠠᠨ ᠪᠢᠴᠢᠳᠡᠭ ᠬᠦᠦ᠃ ᠬᠦᠮᠤᠨ ᠳᠤ ᠳᠠᠭᠤᠤ ᠶᠢᠨ ᠴᠤᠮᠤᠭ ᠬᠢᠵᠤ ᠦᠭ᠍ᠬᠦ ᠭᠡᠵᠤ ᠪᠠᠶᠢᠨ᠎ᠠ᠃ ᠨᠠᠭᠠᠢ ᠨᠠᠳᠠ ᠳᠤ ᠳᠠᠭᠤᠤ ᠶᠢᠨ ᠦᠭᠡ ᠬᠤᠷᠳᠤᠨ ᠪᠢᠴᠢᠵᠤ ᠦᠭ︕ ᠭᠡᠯ᠎ᠠ᠃ ᠲᠡᠷᠡ ᠦᠶ᠎ᠡ ᠳᠤ ᠪᠢ 《ᠤᠷᠳᠤᠰ ᠬᠤᠷᠢᠮ》 ᠢ᠋ ᠰᠡᠬᠦᠳᠡᠷᠯᠡᠵᠤ ᠬᠦᠳᠡᠭᠡ ᠳᠤ ᠶᠠᠭᠠᠷᠠᠵᠤ ᠪᠠᠶᠢᠬᠰᠠᠨ᠃ ᠪᠠᠴᠢᠮ ᠭᠡᠬᠦᠯᠡᠷ ᠨᠢᠭᠡ ᠶᠠᠭᠤᠮ᠎ᠠ ᠡᠪᠯᠡᠬᠦᠯᠦᠭᠡᠳ ᠦᠭ᠍ᠬᠦᠭᠡᠳ ᠶᠠᠪᠤᠭᠤᠯᠤᠬᠰᠠᠨ᠂ ᠬᠠᠨᠭ᠍ᠭᠢ (ᠵᠦᠭᠡᠷ) ᠶᠠᠭᠤᠮ᠎ᠠ ᠪᠤᠯᠴᠢᠬᠠᠬᠰᠠᠨ ᠶᠤᠮ ᠪᠢᠵᠡ᠂《5 • 1》 ᠶᠢᠨ ᠱᠠᠩᠨᠠᠯ ᠠᠪᠤᠬᠰᠠᠨ᠂ ᠳᠡᠭᠡᠭᠡᠳ ᠪᠤᠯᠳᠠᠭ ᠶᠠᠭᠤᠮ᠎ᠠ ᠪᠠᠶᠢᠨ᠎ᠠ ᠭᠡᠳ ᠭᠡᠳᠤ ᠭᠡᠳᠤ ᠪᠢᠴᠢᠭᠰᠡᠨ᠃ ᠶᠠᠮᠠᠷ ᠶᠠᠮᠠᠷ ᠳᠤᠬᠢᠶᠠᠯ ᠢᠶᠠᠷ ᠶᠠᠭᠤ ᠶᠠᠭᠤ ᠶᠢ ᠨᠢ ᠪᠢᠴᠢᠴᠢᠭᠡᠭ᠍ᠰᠡᠨ ᠪᠠᠶᠢᠯ᠎ᠠ᠃ ᠳᠦᠷᠦᠬᠦᠦ ᠭᠡᠳᠤᠨ ᠵᠢᠯ ᠪᠢ ᠰᠢᠯᠦᠭ ᠪᠢᠴᠢᠵᠤ ᠰᠡᠳᠬᠦᠯ ᠳᠡᠭᠡᠷ᠎ᠠ ᠨᠡᠶᠢᠳᠡᠯᠡᠭᠰᠡᠨ᠂ ᠳᠡᠭᠡᠭᠡᠳ ᠮᠢᠨᠤ ᠡᠨᠡ ᠰᠢᠯᠦᠭ ᠮᠦᠨ ᠤᠤ︖ ᠦᠨᠡᠨ ᠢᠶᠠᠷ ᠨᠢ ᠭᠡᠯᠡ︕ ᠭᠡᠬᠦᠯᠡᠷ ᠰᠢᠯᠦᠭ ᠮᠦᠨ︕ ᠭᠡᠵᠤ ᠭᠡᠯᠡᠵᠡᠭᠡᠯ᠎ᠠ᠃ ᠵᠠ ᠳᠡᠭᠡᠭᠡᠳ ᠵᠤᠬᠢᠶᠠᠯᠴᠢ ᠪᠤᠯᠤᠬᠰᠠᠨ ᠵᠠᠭᠤᠷ᠎ᠠ ᠳᠤ ᠶᠠᠭᠤ ᠪᠦᠬᠦᠨ ᠢ ᠨᠢ ᠨᠢᠭᠡ ᠪᠢᠴᠢᠵᠤ ᠦᠵᠡᠶ᠎ᠠ ᠭᠡᠵᠤ ᠪᠤᠳᠤᠭᠠᠳ ᠤᠳᠤ ᠡᠨᠡ ᠨᠠᠶᠢᠷᠠᠬᠯᠠᠯ ᠲᠠᠢ ᠪᠠᠨ ᠬᠦᠭᠡᠷᠡᠯᠴᠡᠵᠤ ᠪᠠᠶᠢᠬᠤ ᠦᠭᠡᠢ ᠤᠤ︖ ᠭᠡᠴᠢᠭᠡᠯ᠎ᠠ᠃

    ᠭᠡᠯᠡᠬᠦ ᠠᠴᠠ ᠨᠢ ᠦᠵᠡᠪᠡᠯ ᠵᠤᠬᠢᠶᠠᠯᠴᠢ ᠭᠤᠸᠠᠢ ᠮᠠᠨᠢ ᠶᠠᠭᠤ ᠪᠦᠬᠦᠨ ᠢ ᠪᠦᠷ ᠨᠢᠭᠡ ᠪᠢᠴᠢᠵᠤ ᠦᠵᠡᠶ᠎ᠠ ᠭᠡᠵᠤ ᠪᠤᠳᠤᠴᠢᠬᠠᠬᠰᠠᠨ ᠬᠦᠮᠤᠨ ᠶᠤᠮ ᠪᠠᠶᠢᠨ᠎ᠠ᠂ ᠬᠦᠮᠤᠨ ᠪᠦᠬᠦᠨ ᠤ ᠪᠤᠳᠤᠳᠠᠭ ᠪᠤᠳᠤᠯ ᠴᠤ ᠪᠤᠯ ᠮᠦᠨ᠃ ᠭᠡᠬᠦᠯᠡᠷ ᠢᠡᠭ᠍ᠭᠢᠵᠤ ᠭᠢᠬᠦ ᠳᠤ ᠭᠡᠳᠦ᠋ᠢᠴᠢᠨᠡᠭᠡᠨ ᠤᠷ᠎ᠠ ᠤᠬᠠᠭᠠᠨ᠂ ᠤᠶᠤᠨ ᠤ ᠬᠦᠳᠡᠯᠮᠤᠷᠢ ᠵᠠᠷᠤᠴᠠᠭᠤᠯᠳᠠᠭ ᠪᠤᠯᠪᠠ︖ ᠪᠠᠰᠠ ᠠᠪᠢᠶᠠᠰ ᠪᠢᠯᠢᠭ ᠭᠡᠰᠡᠨ ᠶᠠᠭᠤᠮ᠎ᠠ ᠪᠠᠶᠢᠳᠠᠭ ᠴᠤ ᠪᠢᠯᠡ ᠤᠤ︖ ᠭᠡᠵᠤ ᠪᠢ ᠠᠰᠠᠭᠤᠯᠳᠠ ᠪᠠᠨ ᠳᠠᠯᠪᠢᠪᠠ᠃ ᠳᠡᠷᠡ ᠴᠤ ᠳᠡᠶᠢᠮᠤ ᠡ᠂ ᠠᠪᠢᠶᠠᠰ ᠪᠢᠯᠢᠭ ᠴᠤ ᠪᠤᠯ ᠶᠠᠭᠠᠬᠢᠬᠤᠪ ᠪᠠᠰᠠ ᠪᠠᠭ᠎ᠠ ᠰᠠᠭ᠎ᠠ ᠪᠠᠶᠢᠬᠤ ᠭᠡᠷᠡᠭᠳᠡᠢ ᠪᠠᠶᠢᠯᠬᠦᠢ᠃ ᠬᠠᠮᠤᠭ ᠴᠢᠬᠤᠯᠠ ᠨᠢ ᠢᠳᠡᠭᠡᠯ ᠵᠤᠷᠢᠭ︕ ᠪᠢ ᠪᠠᠭ᠎ᠠ ᠪᠠᠶᠢᠬᠤ ᠳᠤ ᠬᠠᠭᠤᠴᠢᠨ ᠢᠶᠠᠷ ᠠᠷᠪᠠᠨ ᠳᠠᠪᠤᠨ ᠨᠠᠰᠤᠳᠠᠢ ᠰᠢᠭ᠋ ᠪᠢᠯᠡ᠂ ᠨᠠᠮᠤᠷ ᠴᠠᠩ (ᠦᠳᠤᠷᠮ᠎ᠠ) ᠢᠯᠭᠠᠷᠠᠭᠤᠯᠵᠤ᠂ ᠠᠮᠤ ᠠᠭᠤᠷᠭᠠᠢᠢᠯᠠᠬᠤ ᠳᠤ ᠳᠡᠳᠡ ᠶᠡᠭᠡ ᠵᠠᠯᠠᠭᠤᠴᠤᠳ ᠰᠤᠮᠠᠯ (ᠬᠡᠤᠳᠡᠢ)᠎ ᠳᠤ ᠠᠮᠤ ᠰᠠᠪᠠᠯᠠᠨ ᠡᠬᠦᠷᠵᠡᠭᠡᠪᠡ᠃ ᠵᠠᠭᠤᠨ ᠳᠠᠪᠢ ᠵᠢᠷᠠᠨ ᠵᠢᠩ᠃ ᠳᠡᠳᠡ ᠬᠦᠭᠡᠷᠤᠬᠦᠢ ᠡᠬᠦᠷᠤᠭᠡᠳ ᠶᠠᠳᠠᠷᠠᠬᠰᠠᠨ ᠪᠢᠵᠡ᠂ ᠠᠭᠤᠷ ᠲᠤ ᠪᠠᠨ ᠨᠠᠮ᠎ᠠ ᠶᠢ ᠬᠠᠷᠠᠵᠤ 《ᠪᠤᠳᠠᠭᠠᠨ ᠪᠤᠭ᠂ ᠠᠷᠪᠠᠨ ᠳᠠᠪᠤ ᠬᠦᠷᠴᠢᠭᠡᠭᠡᠳ ᠰᠤᠮᠠᠯ ᠶᠠ ᠳᠠᠭᠠᠭᠠᠬᠤ ᠦᠭᠡᠢ᠂ ᠠᠷᠪᠠᠨ ᠳᠠᠪᠤᠨ ᠵᠢᠯ ᠤᠨ ᠪᠤᠳᠠᠭ᠎ᠠ ᠬᠠᠮᠢᠭᠠᠭᠤᠷ ᠴᠢᠨᠢ ᠤᠷᠤᠴᠢᠬᠠᠬᠰᠠᠨ ᠶᠤᠮ︖ ᠡᠬᠦᠷ︕》 ᠭᠡᠵᠤ ᠵᠠᠩᠨᠠᠪᠠ᠃ ᠪᠢ ᠶᠠ ᠠᠭᠤᠷ ᠬᠦᠳᠡᠯᠵᠤ ᠡᠬᠦᠷᠪᠡᠯ ᠡᠬᠦᠷᠤᠶ᠎ᠠ ᠭᠡᠳ ᠰᠦᠤᠬᠢᠰᠬᠢᠭᠡᠳ ᠡᠬᠦᠷᠦᠭᠰᠡᠨ ᠨᠢ ᠳᠠᠭᠠᠭᠠᠴᠢᠬᠠᠯ᠎ᠠ᠃ ᠪᠢ ᠡᠨᠡ ᠠᠵᠢᠯ ᠢ ᠬᠢᠵᠤ ᠳᠡᠶᠢᠯᠬᠦ ᠦᠭᠡᠢ ᠭᠡᠳ ᠪᠤᠳᠤᠴᠢᠬᠠᠪᠠᠯ ᠨᠠᠰᠤᠨ ᠳᠤ ᠪᠠᠨ ᠳᠡᠶᠢᠯᠬᠦ ᠦᠭᠡᠢ᠂ ᠳᠡᠶᠢᠯᠤᠨ᠎ᠠ ᠭᠡᠳ ᠵᠤᠷᠢᠬᠯᠠᠪᠠᠯ ᠳᠡᠶᠢᠯᠴᠢᠭᠡᠳᠡᠭ ᠢ ᠪᠢ ᠳᠡᠷᠡ ᠦᠶᠡᠰ ᠲᠤ ᠮᠡᠳᠡᠭᠰᠡᠨ ᠶᠤᠮ᠃ ᠶᠠᠭᠤ ᠶᠢ ᠴᠤ ᠬᠢᠭᠡᠳ ᠨᠢᠭᠡ ᠭᠡᠮᠵᠢᠶᠡᠨ ᠳᠤ ᠬᠦᠷᠪᠡᠯ ᠶᠠᠭᠤ ᠪᠦᠬᠦᠨ ᠨᠢ ᠠᠮᠠᠷᠬᠠᠨ ᠰᠢᠭ᠋ ᠪᠤᠯᠴᠢᠬᠠᠳᠠᠭ ᠶᠤᠰᠤ ᠪᠠᠰᠠ ᠪᠤᠢ ᠭᠡᠵᠤ ᠵᠤᠬᠢᠶᠠᠯᠴᠢ ᠮᠠᠨᠢ ᠭᠡᠯᠡᠪᠡ᠃

    ᠵᠤᠬᠢᠶᠠᠯᠴᠢ ᠮ᠊ • ᠬᠠᠰᠪᠠᠭᠠᠨ᠎ᠠ ᠵᠤᠬᠢᠶᠠᠯ ᠲᠠᠢ ᠪᠠᠨ ᠠᠳᠠᠯᠢᠬᠠᠨ ᠠᠬᠤᠢᠢᠴᠢ ᠦᠵᠡᠯ ᠤᠨ ᠬᠦᠮᠤᠨ᠂ ᠠᠭᠤᠷᠯᠠᠬᠤ᠂ ᠪᠠᠶᠠᠷᠯᠠᠬᠤ ᠪᠠᠨ ᠨᠢᠭᠤᠬᠤ ᠦᠭᠡᠢ᠂ ᠠᠭᠤᠷᠯᠠᠵᠤ ᠪᠠᠶᠠᠷᠯᠠᠵᠤ ᠴᠢᠳᠠᠳᠠᠭ ᠬᠦᠮᠤᠨ᠃ ᠦᠭᠡ ᠪᠠᠶᠢᠪᠠᠯ ᠨᠢᠭᠤᠷ ᠳᠡᠭᠡᠷ᠎ᠠ ᠨᠢ ᠢᠯᠡ ᠭᠡᠯᠡᠴᠢᠭᠡᠵᠤ ᠵᠠᠷᠢᠮ ᠳᠤ ᠪᠠᠨ ᠬᠦᠮᠤᠨ ᠢ ᠠᠭᠤᠷᠯᠠᠭᠤᠯᠳᠠᠭ ᠪᠤᠯᠪᠠᠴᠤ ᠬᠦᠮᠤᠨ ᠤ ᠠᠷᠤᠨ ᠳᠤ ᠬᠦᠮᠤᠨ ᠢ ᠭᠡᠯᠡᠳᠡᠭ ᠦᠭᠡᠢ ᠪᠠᠷ ᠢᠶᠠᠨ ᠳᠡᠷᠡ ᠤᠰᠤᠯ ᠢᠶᠠᠨ ᠳᠠᠶᠢᠯᠵᠤ ᠶᠠᠪᠤᠳᠠᠭ ᠯᠠ ᠬᠦᠮᠤᠨ᠃ ᠨᠢᠭᠡᠨ ᠵᠢᠭᠳᠡ ᠶᠢᠨ ᠵᠠᠩ ᠲᠠᠢ᠂ ᠶᠠᠮᠠᠷ ᠦᠶ᠎ᠠ ᠳᠤ ᠴᠤ᠂ ᠶᠠᠮᠠᠷ ᠬᠦᠮᠤᠨ ᠳᠤ ᠴᠤ ᠮᠦᠨ ᠳᠡᠷᠡ ᠨᠢᠭᠡ ᠵᠠᠩ᠂ ᠶᠡᠭᠡ ᠪᠠᠷ ᠪᠠᠭ᠎ᠠ ᠪᠠᠷ ᠦᠭᠡᠢ ᠵᠠᠩ᠃ ᠡᠨᠡ ᠪᠤᠯ ᠨᠡᠶᠢᠭᠡᠮ ᠠᠴᠠ ᠳᠡᠬᠦᠨ ᠳᠤ ᠦᠭ᠍ᠬᠦᠭ᠍ᠰᠡᠨ ᠳ᠋ᠦᠡᠭᠨᠡᠯᠳᠡ ᠪᠢᠯᠡ᠃ ᠵᠤᠬᠢᠶᠠᠯᠴᠢ ᠮ᠊ • ᠬᠠᠰᠪᠠᠭᠠᠨ᠎ᠠ ᠡᠶᠢᠮᠤ ᠬᠦᠮᠤᠨ ᠪᠤᠶᠤ᠃

    ᠮ᠊ • ᠬᠠᠰᠪᠠᠭᠠᠨ᠎ᠠ ᠶᠢᠨ ᠲᠤᠪᠴᠢ ᠨᠠᠮᠳᠠᠷ

    ᠮ᠊ • ᠬᠠᠰᠪᠠᠭᠠᠨ᠎ᠠ (ᠪᠠᠭ᠎ᠠ ᠶᠢᠨ ᠨᠠᠷ᠎ᠡ ᠰᠤᠸᠠᠳᠢ᠂ ᠵᠤᠭᠢᠶᠠᠯ ᠳᠤ ᠬᠡᠷᠡᠭᠯᠡᠵᠦ ᠥᠩᠭᠡᠷᠡᠭᠰᠡᠨ ᠨᠠᠷ᠎ᠡ᠄ ᠴᠢᠯᠠᠭᠤᠨ᠂ ᠲᠤᠯᠭᠤᠷ᠂ ᠴᠠᠭᠠᠠᠪᠠᠷᠰ ᠰᠢᠨᠡᠠᠨᠢᠭᠡᠨ ᠁ ᠵᠡᠷᠭᠡ) ᠡᠷᠡᠭᠲᠡᠢ᠂ ᠮᠣᠩᠭᠤᠯ ᠥᠨᠳᠦᠰᠥᠲᠡᠨ᠂ ᠵᠤᠬᠢᠶᠠᠯᠴᠢ᠃ 1950 ᠣᠨ ᠤ 2 ᠰᠠᠷ᠎ᠠ ᠶᠢᠨ 7᠎ ᠤ ᠡᠳᠤᠷ ᠤᠷᠳᠥᠰ ᠬᠤᠳᠠ (ᠶᠡᠭᠡ ᠵᠤᠤ ᠠᠶᠢᠮᠠᠭ ᠬᠡᠵᠤ ᠪᠠᠶᠢᠪᠠ)᠎ ᠶᠢᠨ ᠤᠳᠤᠭ ᠤᠨ ᠡᠮᠥᠨᠠᠳᠥ ᠬᠤᠰᠢᠭᠤᠨ ᠤ ᠨᠠᠩᠰᠤ ᠪᠠᠯᠭᠠᠰᠤᠨ (ᠴᠠᠭᠠᠨᠳᠤᠯᠣᠭᠠᠢ ᠨᠢᠭᠡᠳᠦᠯ ᠭᠡᠵᠤ ᠪᠠᠶᠢᠪᠠ)᠎ ᠤ ᠪᠠᠶᠠᠠᠬᠤᠷᠠᠬᠤ ᠭᠠᠴᠠᠭᠠᠨ ᠳᠤ ᠲᠥᠷᠥᠪᠡ᠃ 1958 ᠤᠨ ᠳᠤ ᠨᠠᠩᠰᠤ ᠶᠢᠨ ᠰᠤᠷᠭᠠᠭᠤᠯᠢ ᠳᠤ ᠪᠢᠴᠢᠭ᠌ ᠥᠵᠠᠵᠤ᠂ 1959 ᠤᠨ ᠳᠤ ᠤᠳᠤᠭ ᠬᠤᠰᠢᠭᠤᠨ ᠤ ᠤᠯᠠᠭᠠᠨᠪᠠᠯᠭᠠᠰᠤᠨ ᠤ ᠪᠥᠷᠢᠨ ᠪᠠᠭ᠎ᠠ ᠰᠤᠷᠭᠠᠭᠤᠯᠢ ᠳᠤ ᠰᠢᠯᠵᠢᠨ᠂ 1963 ᠤᠠ ᠳᠤ ᠪᠠᠭ᠎ᠠ ᠰᠤᠷᠭᠠᠭᠤᠯᠢ ᠪᠠᠨ ᠲᠡᠭᠦᠰᠴᠤ ᠬᠡᠷ ᠲᠤ ᠪᠠᠨ ᠬᠠᠷᠢᠵᠤ ᠮᠠᠯ ᠬᠠᠷᠢᠭᠤᠯᠪᠠ᠃ 1966 ᠤᠨ ᠳᠤ ᠤᠳᠤᠭ ᠤᠨ ᠵᠢᠷᠠ ᠳᠤ ᠬᠢ《ᠬᠠᠭᠠᠰ ᠠᠵᠢᠯᠯᠠᠨ ᠬᠠᠭᠠᠰ ᠰᠤᠷᠤᠯᠴᠠᠬᠤ ᠺᠠᠩ ᠳᠠ ᠮᠠᠶ᠊ᠢᠬ ᠤᠨ ᠪᠠᠭᠰᠢ ᠶᠢᠨ ᠰᠤᠷᠭᠠᠭᠤᠯᠢ》 (ᠰᠠᠭᠦᠯ ᠳᠤ ᠤᠳᠤᠭ ᠤᠨ ᠭᠤᠷᠪᠠᠳᠤᠭᠠᠷ ᠳᠤᠮᠳᠠᠳᠤ ᠰᠤᠷᠭᠠᠭᠤᠯᠢ ᠪᠤᠯᠭᠠᠪᠠ)᠎ ᠳᠤ ᠰᠤᠷᠥᠯᠴᠠᠵᠤ᠂ 1969 ᠤᠨ ᠳᠤ ᠲᠠᠭᠦᠰᠤᠨ ᠨᠤᠲᠤᠭ ᠲᠤ ᠪᠠᠨ ᠪᠤᠴᠠᠨ ᠤᠶᠢᠯᠡᠳᠪᠤᠷᠢᠯᠡᠯ ᠬᠦᠳᠡᠯᠮᠤᠷᠢ ᠳᠤ ᠤᠷᠤᠯᠴᠠᠨ᠂ ᠳᠠᠷᠠᠭ᠎ᠠ ᠪᠠᠷ ᠠᠷᠠᠳ ᠠᠴᠠ ᠡᠷᠬᠢᠯᠡᠭᠰᠡᠨ ᠪᠠᠭ᠎ᠠ ᠰᠣᠷᠭᠠᠭᠤᠯᠢ ᠶᠢᠨ ᠪᠠᠭᠰᠢ᠂ ᠶᠡᠭᠡ ᠪᠠᠷᠢᠭᠠᠲᠠ ᠶᠢᠨ ᠨᠢᠬᠲᠠᠯᠠᠨ ᠪᠤᠳᠤᠭᠴᠢ ᠵᠡᠷᠭᠡ ᠶᠢ ᠬᠢᠵᠤ ᠪᠠᠶᠢᠭᠠᠳ 1975 ᠤᠨ ᠳᠤ ᠶᠡᠭᠡ ᠵᠤᠤ ᠠᠶᠢᠮᠠᠭ ᠤᠨ ᠦᠨᠳᠦᠰᠦᠳᠡᠨ ᠤ ᠲᠤᠮᠳᠠᠳᠤ ᠰᠤᠷᠭᠠᠭᠤᠯᠢ ᠶᠢᠨ ᠪᠠᠭᠰᠢ ᠶᠢᠨ ᠭᠤᠷᠪᠠᠳᠤᠭᠠᠷ ᠠᠩᠭᠢ ᠳᠤ ᠡᠯᠰᠡᠭᠳᠡᠨ ᠰᠤᠷᠤᠯᠴᠠᠪᠠ᠃ 1977 ᠤᠨ ᠳᠤ ᠲᠡᠭᠦᠰᠴᠤ ᠤᠳᠤᠭ ᠤᠨ ᠴᠠᠪ ᠤᠨ ᠪᠠᠭ᠎ᠠ ᠰᠤᠷᠭᠠᠭᠤᠯᠢ ᠳᠤ ᠬᠤᠪᠢᠶᠠᠭᠳᠠᠨ ᠪᠠᠭᠰᠢᠯᠠᠪᠠ᠃ 1982 ᠤᠨ ᠳᠤ ᠶᠡᠭᠡ ᠵᠤᠤ ᠠᠶᠢᠮᠠᠭ ᠤᠨ ᠤᠳᠬ᠎ᠠ ᠵᠤᠭᠢᠶᠠᠯ ᠤᠷᠠᠯᠢᠭ ᠤᠨ ᠬᠢᠨ ᠤ ᠬᠤᠯᠪᠤᠭ᠎ᠠ ᠶᠢᠨ 《ᠠᠯᠳᠠᠨ ᠭᠠᠨᠳᠠᠷᠢ》 ᠰᠡᠳᠭᠦᠯ ᠳᠤ ᠨᠠᠶᠢᠷᠠᠭᠤᠯᠤᠭᠴᠢ ᠪᠠᠷ ᠢᠷᠡᠵᠤ᠂ ᠦᠭᠦᠯᠡᠯᠭᠡ ᠨᠠᠶᠢᠷᠠᠭᠤᠯᠤᠯ ᠤᠨ ᠨᠠᠶᠢᠷᠠᠭᠤᠯᠤᠭᠴᠢ᠂ ᠨᠠᠶᠢᠷᠠᠭᠤᠯᠬᠤ ᠭᠡᠷ ᠤᠨ ᠡᠷᠭᠢᠯᠡᠭᠴᠢ᠂ ᠲᠡᠳ᠋ ᠶᠠᠷᠤᠩᠭᠡᠢ ᠨᠠᠶᠢᠷᠠᠭᠤᠯᠤᠭᠴᠢ᠂ ᠶᠠᠷᠤᠩᠭᠡᠢ ᠨᠠᠶᠢᠷᠠᠭᠤᠯᠤᠭᠴᠢ ᠪᠠᠷ ᠠᠵᠢᠯᠯᠠᠵᠤ ᠪᠠᠶᠢᠪᠠ᠃ ᠭᠢᠨᠠᠨ ᠨᠠᠶᠢᠷᠠᠭᠤᠯᠤᠭᠴᠢ ᠶᠢᠨ ᠴᠤᠯᠠ ᠲᠠᠢ᠂ ᠲᠤᠮᠳᠠᠳᠤ ᠤᠯᠤᠰ ᠤᠨ ᠵᠤᠭᠢᠶᠠᠯᠴᠢᠳ ᠤᠨ ᠨᠡᠶᠢᠭᠡᠮᠯᠢᠭ᠌ ᠤᠨ ᠭᠡᠰᠢᠭᠦᠨ᠃ 2010 ᠤᠨ ᠳᠤ ᠠᠵᠢᠯ ᠠᠴᠠ ᠪᠠᠨ ᠠᠮᠠᠷᠠᠪᠠ᠃  1979 ᠤᠨ ᠳᠤ ᠠᠩᠬᠠᠨ ᠤ ᠦᠭᠦᠯᠡᠯᠭᠡ 《ᠰᠠᠷᠠᠳᠤ ᠵᠡᠭᠡᠷᠳᠠ》ᠪᠠᠨ 《ᠦᠨᠢᠷ ᠴᠡᠴᠡᠭ》 ᠲᠡᠭᠡᠷ᠎ᠡ ᠨᠡᠶᠢᠳᠡᠯᠡᠭᠦᠯᠦᠭᠰᠡᠨ ᠤ ᠲᠠᠷᠠᠭ᠎ᠠ ᠤᠯᠤᠰ ᠤᠨ ᠲᠤᠳᠤᠭᠠᠳᠤ ᠭᠠᠳᠠᠭᠠᠳᠤ ᠶᠢᠨ ᠡᠯ᠎ᠡ ᠰᠡᠳᠭᠦᠯ ᠲᠡᠭᠡᠷ᠎ᠡ 22 ᠲᠤᠭᠤᠵᠢ᠂ ᠵᠠᠭᠤ ᠢᠯᠡᠭᠦᠦ ᠦᠭᠦᠯᠡᠯᠭᠡ ᠨᠠᠶᠢᠷᠠᠭᠤᠯᠤᠯ ᠵᠢᠴᠢ ᠭᠤᠴᠢᠨ ᠭᠡᠳᠤᠨ ᠠᠷᠠᠳ ᠤᠨ ᠵᠠᠩ ᠵᠠᠩᠰᠢᠯ ᠤᠨ ᠦᠭᠦᠯᠡᠯ ᠨᠡᠶᠢᠳᠡᠯᠡᠭᠦᠯᠪᠠ᠃ 1991 ᠤᠨ ᠳᠤ ᠠᠩᠬ᠎ᠠ ᠷᠤᠮᠠᠨ 《ᠵᠠᠰᠠᠭ ᠤᠨ ᠬᠤᠳᠤᠭᠤᠷ》 (ᠲᠡᠭᠡᠳᠤ᠂ ᠲᠤᠤᠷᠠᠳᠤ)᠎ ᠢ ᠨᠢ ᠦᠪᠤᠷ ᠮᠤᠩᠭ᠋ᠤᠯ ᠤᠨ ᠠᠷᠠᠳ ᠤᠨ ᠭᠡᠪᠯᠡᠯ ᠤᠨ ᠬᠤᠷᠢᠶ᠎ᠠ ᠳᠤ ᠭᠡᠪᠯᠡᠭᠦᠯᠵᠤ᠂ 2007 ᠤᠨ ᠳᠤ ᠲᠠᠭᠢᠵᠤ ᠭᠡᠪᠯᠡᠪᠡ᠃ 1994 ᠤᠨ ᠳᠤ ᠬᠤᠶᠠᠳᠠᠭᠢ ᠷᠤᠮᠠᠨ 《ᠲᠠᠷᠠ ᠬᠤᠯᠠ ᠶᠢᠨ ᠪᠠᠷ᠎ᠠ》ᠶᠢ ᠨᠢ ᠦᠨᠳᠦᠰᠦᠳᠡᠨ ᠤ ᠭᠡᠪᠯᠡᠯ ᠤᠨ ᠬᠤᠷᠢᠶ᠎ᠠ ᠳᠤ ᠭᠡᠪᠯᠡᠬᠦᠯᠵᠤ᠂ 2001 ᠤᠨ ᠳᠤ ᠬᠤᠶᠠᠳᠠᠭᠢ ᠭᠡᠪᠯᠡᠯ᠂ 2010 ᠤᠨ ᠳᠤ ᠭᠤᠷᠪᠠᠳᠠᠭᠢ ᠤᠳᠠᠭ᠎ᠠ ᠭᠡᠪᠯᠡᠪᠡ᠃ 1998 ᠤᠨ ᠳᠤ ᠭᠤᠷᠪᠠᠳᠠᠭᠢ ᠷᠤᠮᠠᠨ 《ᠪᠦᠰᠡᠭᠦᠢ ᠪᠠᠷᠠᠭᠠᠨ ᠽᠠᠮᠪᠤᠯᠢᠩ》 ᠢ ᠨᠢ ᠦᠪᠤᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠳᠤ ᠭᠡᠪᠯᠡᠬᠦᠯᠪᠡ᠃ 2002 ᠤᠨ ᠳᠤ ᠲᠦᠷᠪᠡᠳᠡᠭᠢ ᠷᠤᠮᠠᠨ 《ᠨᠤᠳᠤᠭ ᠤᠨ ᠬᠠᠯᠠᠭᠤᠨ ᠰᠢᠷᠤᠢ》ᠶᠢ ᠨᠢ ᠦᠨᠳᠦᠰᠦᠳᠡᠨ ᠤ ᠭᠡᠪᠯᠡᠯ ᠤᠨ ᠬᠤᠷᠢᠶ᠎ᠠ ᠳᠤ ᠭᠡᠪᠯᠡᠭᠦᠯᠪᠠ᠃ 2013 ᠤᠨ ᠳᠤ ᠲᠠᠪᠤᠳᠠᠭᠢ ᠷᠤᠮᠠᠨ 《ᠲᠦᠷᠦ ᠶᠢᠨ ᠬᠠᠷ᠎ᠠ ᠭᠦᠮᠦᠰ》 ᠦᠪᠤᠷ ᠮᠤᠩᠭ᠋ᠤᠯ ᠤᠨ ᠠᠷᠠᠳ ᠤᠨ ᠭᠡᠪᠯᠡᠯ ᠤᠨ ᠬᠤᠷᠢᠶ᠎ᠠ ᠳᠤ ᠭᠡᠪᠯᠡᠭᠦᠯᠪᠠ᠃ ᠵᠢᠷᠭᠤᠳᠡᠬᠢ ᠷᠤᠮᠠᠨ 《ᠠᠯᠳᠠᠨ ᠶᠠᠰᠤᠳᠤ ᠦᠷᠯᠦᠬᠦᠳ ᠤᠨ ᠲᠦᠮᠬᠠᠦ᠋ᠯᠵᠠᠢ》ᠶᠢ ᠨᠢ ᠦᠪᠤᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ ᠳᠤ ᠬᠡᠪᠯᠡᠬᠦᠯᠪᠡ᠃ ᠲᠤᠯᠤᠳᠠᠬᠢ ᠷᠤᠮᠠᠨ 《ᠰᠠᠯᠭᠢ》 ᠪᠠᠨ ᠪᠢᠴᠢᠵᠤ ᠪᠠᠷᠠᠭᠠᠭᠠᠳ ᠤᠳᠤ ᠵᠠᠰᠠᠵᠤ ᠭᠡᠪᠯᠡᠯ ᠳᠤ ᠪᠠᠵᠠᠭᠠᠵᠤ ᠪᠤᠢ᠃ 2011 ᠤᠨ ᠳᠤ ᠦᠨᠳᠦᠰᠦᠳᠡᠨ ᠤ ᠵᠠᠩ ᠵᠠᠩᠰᠢᠯ ᠢ ᠬᠠᠷᠠᠭᠤᠯᠤᠭᠰᠠᠨ 25 ᠪᠦᠯᠦᠭᠳᠦ《ᠤᠷᠳᠤᠰ ᠬᠤᠷᠢᠮ》 ᠭᠡᠰᠡᠨ ᠲᠧᠯᠸᠢᠰ ᠵᠦᠴᠦᠭᠡ ᠪᠠᠨ ᠰᠡᠭᠦᠳᠡᠷᠯᠡᠬᠦᠯᠵᠤ᠂ 18 ᠪᠦᠯᠦᠭᠳᠤ ᠪᠤᠯᠭᠠᠨ ᠦᠵᠡᠭᠴᠢᠳ ᠲᠠᠢ ᠵᠤᠯᠭᠠᠭᠤᠯᠤᠬᠰᠠᠨ ᠪᠠᠶᠢᠨ᠎ᠠ᠃ 

    ᠱᠠᠩᠨᠠᠯ ᠤᠯᠤᠭᠰᠠᠨ ᠪᠠᠶᠢᠳᠠᠯ ᠭᠡᠪᠡᠯ᠄ 1984 ᠤᠨ ᠳᠤ 《ᠪᠢᠴᠢᠬᠠᠨ ᠪᠤᠷᠵᠢᠭᠢᠨ》 ᠦᠭᠦᠯᠡᠯᠭᠡ᠂ 1990 ᠤᠨ ᠳᠤ ᠲᠤᠭᠤᠵᠢ 《ᠦᠨᠡᠭᠡᠨ ᠲᠠᠶᠢᠭ᠎ᠠ》᠂ 1993 ᠤᠨ ᠳᠤ ᠷᠤᠮᠠᠨ 《ᠵᠠᠰᠠᠭ ᠤᠨ ᠬᠤᠳᠤᠭᠤᠷ》ᠦᠪᠤᠷ ᠮᠤᠩᠭ᠋ᠤᠯ ᠤᠨ ᠦᠪᠡᠷᠳᠡᠭᠡᠨ ᠵᠠᠰᠠᠬᠤ ᠤᠷᠤᠨ ᠤ 《ᠰᠤᠯᠤᠩᠭ᠋᠎ᠠ》 ᠤᠷᠠᠨ ᠵᠤᠭᠢᠶᠠᠯ ᠤᠨ ᠱᠠᠩᠨᠠᠯ ᠢ ᠤᠯᠪᠠ᠃ 2001 ᠤᠨ ᠳᠤ ᠪᠦᠭᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠠᠵᠢᠯᠴᠢᠨ ᠤ ᠶᠠᠷᠤᠩᠭᠡᠢ ᠡᠪᠯᠡᠯ᠂ ᠪᠦᠭᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠰᠤᠷᠭᠠᠨ ᠭᠦᠮᠦᠵᠢᠯ ᠤᠨ ᠶᠠᠮᠤᠨ᠂ ᠰᠢᠨᠵᠢᠯᠡᠭᠦ ᠤᠬᠠᠭᠠᠨ ᠮᠡᠷᠭᠡᠵᠢᠯ ᠤᠨ ᠶᠠᠮᠤᠨ᠂ ᠭᠦᠳᠡᠯᠮᠤᠷᠢ ᠠᠵᠢᠯᠳᠠᠨ ᠤ ᠶᠠᠮᠤᠨ ᠠᠴᠠ ᠤᠯᠭᠤᠭᠰᠠᠨ 《ᠦᠪᠡᠷ ᠢᠶᠠᠨ ᠰᠤᠷᠴᠤ ᠴᠢᠳᠠᠪᠤᠷᠢᠳᠠᠨ ᠪᠤᠯᠤᠭᠰᠠᠨ》ᠤ᠋ ᠱᠠᠩᠨᠠᠯ ᠢ ᠭᠦᠷᠳᠡᠪᠡ᠃ 2001 ᠤᠨ ᠳᠤ ᠲᠤᠮᠳᠠᠳᠤ ᠤᠯᠤᠰ ᠤᠨ ᠮᠤᠩᠭ᠋ᠤᠯ ᠰᠡᠳᠭᠦᠯ ᠤᠨ ᠬᠤᠷᠠᠯ ᠠᠴᠠ ᠤᠯᠭᠤᠭᠰᠠᠨ 《ᠭᠠᠪᠢᠶᠠᠳᠤ ᠨᠠᠶᠢᠷᠠᠭᠤᠯᠤᠭᠴᠢ》 ᠱᠠᠩᠨᠠᠯ᠂ 2012 ᠤᠨ ᠳᠤ 《ᠦᠨᠢᠷ ᠴᠡᠴᠡᠭ》 ᠱᠠᠩᠨᠠᠯ᠂ 《ᠲᠤᠷᠤᠨ᠎ᠠ ᠤᠳᠬ᠎ᠠ ᠵᠤᠭᠢᠶᠠᠯ ᠤᠨ ᠱᠠᠩᠨᠠᠯ》 ᠁ ᠵᠡᠷᠭᠡ ᠶᠢ ᠤᠯᠪᠠ᠃

ᠢᠷᠡᠯᠳᠡ᠄ ᠤᠷᠳᠤᠰ ᠮᠤᠩᠭ᠋ᠤᠯ ᠰᠦᠯᠵᠢᠶ᠎ᠡ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120701117370549