蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭ᠋ᠤᠯ ᠤᠨ ᠤᠷᠴᠢᠨ ᠤᠳᠤ ᠦᠶ᠎ᠡ ᠶᠢᠨ ᠲᠡᠤᠬᠡ ᠶᠢᠨ ᠰᠤᠳᠤᠯᠭᠠᠨ ᠤ ᠰᠠᠭᠤᠷᠢᠯᠠᠭᠴᠢ — ᠬᠤᠤ ᠸᠧᠢ ᠮᠢᠨ

2015-12-06 18:46

    ᠬᠤᠤ ᠸᠧᠢ ᠮᠢᠨ ᠤ ᠲᠤᠪᠴᠢ ᠨᠠᠮᠲᠠᠷ

    ᠬᠤᠤ ᠸᠧᠢ ᠮᠢᠨ᠂ ᠤᠤᠯ ᠨᠡᠷ᠎ᠡ ᠨᠢ ᠤᠳᠬᠤᠨᠪᠢᠯᠢᠭ᠌᠃ ᠦᠪᠦᠷ ᠮᠤᠨᠭᠭᠤᠯ ᠤᠨ ᠤᠷᠴᠢᠨ ᠤᠳᠤ ᠦᠶ᠎ᠡ ᠶᠢᠨ ᠲᠡᠤᠬᠡ ᠰᠤᠳᠤᠯᠬᠤ ᠠᠵᠢᠯ ᠤᠨ ᠰᠠᠭᠤᠷᠢᠯᠠᠭᠴᠢ᠃ 1934 ᠤᠨ ᠤ 2 ᠰᠠᠷ᠎ᠡ ᠶᠢᠨ12᠎ ᠤ ᠡᠳᠦᠷ ᠶᠡᠭᠡ ᠵᠤᠤ ᠴᠢᠭᠤᠯᠭᠠᠨ ᠤ ᠬᠠᠩᠬᠢᠨ ᠬᠤᠰᠢᠭᠤ( ᠤᠳᠤ ᠶᠢᠨ ᠪᠠᠶᠠᠨᠨᠠᠭᠤᠷ ᠠᠶᠢᠮᠠᠭ ᠤᠨ ᠤᠷᠠᠳ ᠤᠨ ᠡᠮᠦᠨᠡᠲᠦ ᠬᠤᠰᠢᠭᠤᠨ ᠤ ᠨᠠᠢᠮᠠᠲᠠᠢ ᠲᠤᠰᠬᠤᠨ)᠎ ᠤ ᠮᠠᠯᠴᠢᠨ ᠬᠠᠷᠠᠨᠤᠳ ᠴᠤᠬᠤᠷ᠂ ᠪᠦᠰᠡᠬᠦᠢ ᠲᠤᠭᠳᠠᠭᠤᠨ ᠤ ᠵᠢᠷᠭᠤᠭᠠᠨ ᠬᠡᠤᠬᠡᠳ ᠤᠨ ᠤᠳᠬᠤᠨ ᠨᠢ ᠪᠤᠯᠵᠦ ᠵᠠᠶᠠᠭᠠᠵᠠᠢ᠃1980 ᠤᠨ ᠳᠤ ᠠᠰᠫᠢᠷᠠᠨᠲ ᠤᠨ ᠵᠢᠯᠤᠭᠤᠳᠤᠭᠴᠢ ᠪᠠᠭᠰᠢ᠂ 1983 ᠤᠨ ᠳᠤ ᠲᠡᠳ᠋ ᠫᠷᠦᠹᠧᠰᠰᠤᠷ᠂ 1988 ᠤᠨ ᠳᠤ ᠫᠷᠦᠹᠧᠰᠰᠤᠷ ᠪᠤᠯᠵᠠᠢ᠃ 1975 ᠤᠨ ᠠᠴᠠ 1994 ᠤᠨ ᠪᠤᠯᠲᠠᠯ᠎ᠡ ᠤᠷᠢᠳ ᠬᠤᠵᠢᠳ ᠮᠤᠨᠭᠭᠤᠯ ᠲᠡᠤᠬᠡ ᠶᠢᠨ ᠰᠤᠳᠤᠯᠬᠤ ᠲᠠᠰᠤᠬ ᠤᠨ ᠨᠠᠮ ᠤᠨ ᠡᠭᠦᠷ ᠤᠨ ᠱᠦᠵᠢ᠂ ᠲᠡᠳ᠋ ᠡᠷᠬᠢᠯᠡᠭᠴᠢ᠂ ᠦᠪᠦᠷ ᠮᠤᠨᠭᠭᠤᠯ ᠤᠨ ᠶᠡᠭᠡ ᠰᠤᠷᠭᠠᠭᠤᠯᠢ ᠶᠢᠨ ᠦᠪᠦᠷ ᠮᠤᠨᠭᠭᠤᠯ ᠤᠨ ᠤᠷᠴᠢᠨ ᠤᠳᠤ ᠦᠶ᠎ᠡ ᠶᠢᠨ ᠲᠡᠤᠬᠡ ᠰᠤᠳᠤᠯᠬᠤ ᠭᠠᠵᠠᠷ ᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠵᠦ᠂ ᠨᠠᠶᠠᠭᠠᠳ ᠤᠨ ᠠᠴᠠ ᠦᠪᠦᠷ ᠮᠤᠨᠭᠭᠤᠯ ᠤᠨ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠵᠦᠪᠯᠡᠯ ᠪᠠ ᠰᠤᠷᠤᠯᠭ᠎ᠠ ᠶᠢᠨ ᠨᠠᠮᠲᠠᠷ ᠤᠨ ᠵᠦᠪᠯᠡᠯ ᠤᠨ ᠬᠡᠰᠢᠭᠦᠨ ᠢ ᠬᠠᠪᠰᠤᠷᠭᠠᠨ ᠬᠠᠷᠢᠭᠤᠴᠠᠵᠠᠢ᠃ ᠲᠤᠮᠳᠠᠳᠤ ᠤᠯᠤᠰ ᠤᠨ ᠮᠤᠨᠭᠭᠤᠯ ᠲᠡᠤᠭᠡ ᠶᠢᠨ ᠨᠡᠶᠢᠭᠡᠮᠯᠢᠭ᠌ ᠤᠨ ᠭᠡᠷᠡᠭ ᠡᠷᠬᠢᠯᠡᠭᠴᠢ᠂ ᠨᠠᠷᠢᠨ ᠪᠢᠴᠢᠭ᠌ ᠤᠨ ᠲᠠᠷᠤᠭ᠎ᠠ᠂ ᠦᠪᠦᠷ ᠮᠤᠨᠭᠭᠤᠯ ᠤᠨ ᠦᠪᠡᠷᠳᠡᠭᠡᠨ ᠵᠠᠰᠠᠬᠤ ᠤᠷᠤᠨ  ᠤ ᠲᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠲᠡᠤᠬᠡ ᠶᠢᠨ ᠨᠡᠶᠢᠭᠡᠮᠯᠢᠭ᠌ ᠤᠨ ᠲᠡᠳ᠋ ᠲᠠᠷᠤᠭ᠎ᠠ ᠵᠡᠷᠭᠡ ᠨᠡᠶᠢᠭᠡᠮ ᠤᠨ ᠡᠭᠦᠷᠭᠡ ᠲᠤᠰᠢᠶᠠᠯ ᠢ ᠡᠭᠦᠷᠭᠡᠯᠡᠵᠦ ᠦᠩᠭᠡᠷᠡᠪᠡ᠃ 1990 ᠤᠨ ᠳᠤ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠲᠤᠪᠤᠶᠢᠮ᠎ᠡ ᠬᠤᠪᠢ ᠨᠡᠮᠡᠷᠢ ᠲᠠᠢ ᠢᠳᠡᠷ ᠵᠠᠯᠠᠭᠤ ᠡᠷᠲᠡᠮᠲᠡᠨ ᠢᠶᠠᠷ ᠴᠤᠯᠠᠯᠠᠭᠳᠠᠵᠦ᠂ 1992 ᠤᠨ ᠳᠤ ᠪᠦᠬᠦᠳᠡ ᠨᠠᠶᠢᠷᠠᠮᠳᠠᠬᠤ ᠲᠤᠮᠳᠠᠳᠦ ᠠᠷᠠᠳ ᠤᠯᠤᠰ ᠤᠨ ᠵᠠᠰᠠᠭ ᠤᠨ ᠤᠷᠳᠤᠨ ᠤ ᠤᠨᠴᠠᠭᠠᠢ ᠨᠦᠬᠦᠪᠦᠷᠢ ᠶᠢ ᠬᠦᠷᠳᠡᠪᠡ᠃ ᠲᠡᠷᠡ ᠪᠤᠯ ᠠᠩᠬᠠᠳᠤᠭᠠᠷ ᠡᠭᠡᠯᠵᠢ ᠶᠢᠨ ᠲᠤᠮᠳᠠᠳᠦ ᠤᠯᠤᠰ ᠤᠨ 505 ᠭᠠᠷᠮᠠᠭᠠᠢ ᠨᠡᠶᠢᠭᠡᠮ ᠤᠨ ᠰᠢᠨᠵᠢᠯᠡᠬᠦ ᠤᠬᠠᠭᠠᠨᠲᠠᠨ ᠤ ᠨᠢᠭᠡ ᠨᠢ ᠮᠦᠨ᠃ ᠤᠳᠤ ᠪᠤᠯᠳᠠᠯ᠎ᠠ 90 ᠭᠠᠷᠤᠢ ᠡᠷᠳᠡᠮ ᠰᠢᠨᠵᠢᠯᠡᠭᠡᠨ ᠤ ᠦᠭᠦᠯᠡᠯ ᠢ ᠲᠤᠭᠤᠷᠪᠢᠨ ᠪᠢᠴᠢᠵᠦ᠂10 ᠭᠠᠷᠤᠢ ᠡᠷᠳᠡᠮ ᠰᠢᠨᠵᠢᠯᠡᠭᠡᠨ ᠤ ᠨᠤᠮ ᠢ ᠭᠤᠤᠯᠯᠠᠨ ᠨᠠᠶᠢᠷᠠᠭᠤᠯᠤᠭᠰᠠᠨ ᠪᠤᠶᠤ ᠨᠠᠶᠢᠷᠠᠭᠤᠯᠬᠤ ᠠᠵᠢᠯ ᠳᠤ ᠤᠷᠤᠯᠴᠠᠵᠠᠢ᠃

    ᠬᠤᠤ ᠸᠸᠢ ᠮᠢᠨ

    ᠦᠪᠦᠷ ᠮᠤᠨᠭᠭᠤᠯ ᠤᠨ ᠤᠷᠴᠢᠨ ᠤᠳᠤ ᠦᠶ᠎ᠡ ᠶᠢᠨ ᠲᠡᠤᠬᠡ ᠰᠤᠳᠤᠯᠬᠤ ᠠᠵᠢᠯ ᠤᠨ ᠹᠷᠤᠨᠲ ᠲᠤ 56 ᠵᠢᠯ ᠭᠠᠪᠰᠢᠭᠠᠢᠢᠯᠠᠵᠦ᠂ 56 ᠵᠢᠯ ᠤᠨ ᠲᠡᠤᠬᠡ ᠰᠤᠳᠤᠯᠬᠤ ᠠᠵᠢᠯ ᠳᠤ ᠨᠢᠭᠡᠯᠡ ᠡᠳᠦᠷ ᠮᠡᠲᠦ ᠪᠡᠶᠡᠴᠢᠯᠡᠨ ᠵᠢᠳᠭᠦᠭ᠍ᠰᠡᠨ ᠦᠪᠦᠷ ᠮᠤᠨᠭᠭᠤᠯ ᠤᠨ ᠶᠡᠭᠡ ᠰᠤᠷᠭᠠᠭᠤᠯᠢ ᠠᠴᠠ ᠠᠵᠢᠯ ᠤᠨ ᠠᠮᠠᠷᠠᠯᠲᠠ ᠪᠠᠨ ᠠᠪᠤᠭᠰᠠᠨ ᠨᠡᠷ᠎ᠡ ᠬᠦᠨᠳᠦᠲᠦ ᠪᠤᠭᠤᠷᠤᠯ ᠨᠠᠰᠦᠲᠠᠨ ᠪᠠᠶᠢᠳᠠᠭ᠃ ᠡᠨᠡ ᠨᠠᠰᠦᠲᠠᠨ ᠤ ᠨᠡᠷ᠎ᠡ ᠶᠢ ᠬᠤᠤ ᠸᠧᠢ ᠮᠢᠨ ᠭᠡᠳᠡᠭ ᠪᠢᠯᠡ᠃ ᠲᠡᠷᠡ ᠡᠨᠡ ᠵᠢᠯ ᠨᠠᠶ᠊ᠠ ᠬᠦᠷᠦᠭᠰᠡᠨ ᠦᠨᠳᠦᠷ ᠨᠠᠰᠦᠲᠠᠨ ᠪᠤᠯᠤᠭᠰᠠᠨ ᠪᠤᠯᠪᠠᠴᠦ ᠲᠡᠤᠬᠡ ᠰᠤᠳᠤᠯᠬᠤ ᠠᠵᠢᠯ ᠢᠶᠠᠨ ᠮᠦᠨ ᠬᠦ ᠦᠷᠭᠦᠯᠵᠢᠯᠡᠭᠦᠯᠵᠦ᠂ ᠦᠯᠡᠳᠡᠵᠦ ᠪᠠᠶᠢᠭ᠎ᠠ ᠡᠨᠡ ᠨᠠᠰᠦᠨ ᠳᠠᠭᠠᠨ ᠴᠢᠳᠠᠬᠤ ᠶᠢᠨ ᠬᠢᠷᠢ ᠪᠠᠷ ᠰᠢᠨ᠎ᠡ ᠦᠷ᠎ᠡ ᠪᠦᠲᠦᠮᠵᠢ ᠭᠠᠷᠭᠠᠬᠤ ᠭᠡᠵᠦ ᠮᠡᠷᠡᠶᠢᠨ᠎ᠡ᠃ ᠬᠤᠤ ᠸᠧᠢ ᠮᠢᠨ ᠫᠷᠦᠹᠧᠰᠰᠤᠷ ᠤᠨ ᠭᠡᠷ ᠲᠤ ᠬᠦᠷᠴᠦ ᠰᠤᠷᠪᠤᠯᠵᠢᠯᠠᠭ᠎ᠠ ᠠᠪᠤᠭᠰᠠᠨ ᠮᠢᠨᠢ ᠬᠡᠳᠦᠨ ᠡᠳᠦᠷ ᠤᠨ ᠡᠮᠦᠨᠡᠬᠡᠨ ᠤ ᠤᠴᠢᠷ ᠯᠡ ᠶᠤᠮᠰᠠᠨ᠃ ᠬᠠᠷᠠᠬᠤ ᠳᠤ ᠬᠤᠤ ᠸᠧᠢ ᠮᠢᠨ ᠫᠷᠦᠹᠧᠰᠰᠤᠷ ᠢ ᠨᠠᠶᠠᠨ ᠨᠠᠰᠦᠲᠠᠢ ᠬᠡᠵᠤ ᠢᠲᠡᠭᠡᠮᠡᠷ ᠦᠭᠡᠢ ᠲᠡᠩᠬᠡᠯᠡᠬᠦᠨ ᠪᠠᠶᠢᠵᠦ᠂ ᠨᠠᠮᠠᠢᠢ ᠬᠦᠷᠴᠦ ᠤᠴᠢᠬᠤ ᠳᠤ ᠶᠠᠭ ᠰᠠᠶᠢᠬᠠᠨ ᠪᠢᠴᠢᠭ᠌ ᠤᠨ ᠦᠷᠦᠭᠡᠨ ᠳᠡᠭᠡᠨ ᠺᠤᠮᠫᠢᠦ᠋ᠲ᠋ᠧᠷ ᠲᠤ ᠦᠰᠦᠭ ᠦᠷᠦᠵᠤ ᠪᠠᠶᠢᠯ᠎ᠡ᠃ ᠨᠠᠰᠦᠲᠠᠨ ᠤ ᠪᠢᠴᠢᠭ᠌ ᠤᠨ ᠦᠷᠦᠭᠡᠨ ᠳᠤ ᠡᠭᠦᠳᠡᠡ ᠠᠴᠠ ᠪᠤᠰᠤᠳ ᠭᠤᠷᠪᠠᠨ ᠬᠠᠶᠠᠭ᠎ᠠ ᠲᠠᠭᠠᠭᠤᠯᠵᠦ ᠴᠦᠮ ᠨᠤᠮ ᠤᠨ ᠲᠠᠯᠪᠢᠭᠤᠷ ᠲᠠᠯᠪᠢᠵᠦ᠂ ᠨᠤᠮ ᠪᠢᠴᠢᠭ᠌ ᠲᠦᠭᠦᠷᠲᠡᠯ᠎ᠡ ᠦᠷᠦᠭᠰᠡᠨ ᠨᠢ ᠨᠠᠰᠦᠲᠠᠨ ᠭᠤᠸᠠᠢ ᠶᠢᠨ ᠨᠢᠭᠡ ᠨᠠᠰᠦᠨ ᠤ ᠬᠢᠨᠢ ᠰᠢᠷᠭᠠᠭᠤ ᠤᠷᠤᠯᠳᠤᠯᠭ᠎ᠠ ᠶᠢᠨ ᠬᠢᠨᠢ ᠪᠠᠲᠤᠲᠠᠢ ᠭᠡᠷᠡᠴᠢ ᠪᠤᠯᠵᠠᠢ᠃ ᠨᠠᠰᠦᠲᠠᠨ ᠭᠤᠸᠠᠢ ᠶᠡᠭᠡ ᠡᠶᠡᠯᠳᠡᠭ ᠲᠤᠳᠤᠨᠤᠰᠤᠭ ᠮᠦᠷᠲᠡᠭᠡᠨ ᠱᠤᠭᠴᠢ ᠬᠦᠮᠦᠨ ᠪᠠᠶᠢᠵᠦ᠂ ᠰᠤᠷᠪᠤᠯᠵᠢᠯᠠᠭ᠎ᠠ ᠶᠠᠪᠤᠭᠳᠠᠭᠰᠠᠨ ᠬᠡᠳᠦᠨ ᠴᠠᠭ ᠤᠨ ᠬᠤᠭᠤᠴᠠᠭᠠᠨ ᠳᠤ ᠤᠯᠠᠨ ᠴᠦ ᠤᠳᠠᠭ᠎ᠠ ᠨᠠᠳᠠ ᠶᠢ ᠢᠨᠢᠶᠡᠯᠭᠡᠵᠦ ᠪᠠᠶᠢᠯ᠎ᠡ᠃ ᠲᠦᠷᠪᠡᠨ ᠴᠠᠭ ᠭᠠᠷᠤᠢ ᠶᠢᠨ ᠰᠤᠷᠪᠤᠯᠵᠢᠯᠠᠭ᠎ᠠ ᠪᠠᠷ ᠲᠠᠮᠵᠢᠭᠠᠳ ᠨᠠᠰᠦᠲᠠᠨ ᠤ ᠶᠠᠪᠤᠵᠦ ᠢᠷᠡᠭᠰᠡᠨ ᠲᠡᠤᠬᠡ ᠨᠢ ᠺᠢᠨᠦ‍ ᠰᠢᠭ ᠪᠠᠷ ᠰᠡᠳᠭᠢᠯ ᠲᠤᠳᠤᠷ᠎ᠡ ᠮᠢᠨᠢ ᠲᠤᠳᠤᠷᠠᠵᠠᠢ᠃

    ᠬᠤᠤ ᠸᠧᠢ ᠮᠢᠨ ᠡᠵᠢ ᠪᠠ ᠭᠤᠷᠪᠠᠳᠤᠭᠠᠷ ᠠᠬ᠎ᠠ ᠲᠠᠢ ᠪᠠᠨ

    ᠨᠤᠮ ᠤᠨ ᠤᠬᠠᠭᠠᠨ ᠢᠶᠠᠷ ᠵᠤᠷᠢᠭ ᠡᠷᠴᠢᠯᠡᠵᠦ ᠦᠢᠯᠡᠰ ᠤᠨ ᠲᠡᠭᠷᠢ ᠪᠠᠨ ᠡᠷᠭᠦᠯ᠎ᠡ

    ᠴᠢᠩ ᠤᠯᠤᠰ ᠤᠨ ᠰᠡᠭᠦᠯᠴᠢ ᠪᠠᠷ ᠶᠡᠭᠡ ᠵᠤᠤ ᠴᠢᠭᠤᠯᠭᠠᠨ ᠤ ᠵᠡᠭᠦᠨᠭᠠᠷ ᠬᠤᠰᠢᠭᠤᠨ ᠤ ᠲᠦᠷᠪᠡᠳᠦᠭᠡᠷ ᠰᠤᠮᠦᠨ ᠤ ᠬᠠᠷᠠᠨᠤᠳ ᠴᠤᠬᠤᠷ ᠤᠨ ᠠᠮᠠᠨ ᠲᠤᠭᠠᠨ ᠤ ᠭᠠᠵᠠᠷ ᠢ ᠨᠢ ᠠᠳᠠᠷ ᠬᠠᠭᠠᠯᠪᠤᠷᠢᠯᠠᠭᠰᠠᠨ ᠪᠤᠯᠬᠤᠷ ᠢᠷᠭᠡᠨ ᠤᠯᠤᠰ ᠤᠨ ᠡᠬᠢ ᠪᠠᠷ ᠬᠠᠷᠠᠨᠤᠳ ᠴᠤᠬᠤᠷ᠂ ᠪᠦᠰᠡᠬᠦᠢ ᠲᠤᠭᠳᠠᠭᠤᠨ ᠲᠠᠢ ᠪᠠᠨ ᠤᠳᠤ ᠶᠢᠨ ᠪᠠᠶᠠᠨᠨᠠᠭᠤᠷ ᠠᠶᠢᠮᠠᠭ ᠤᠨ ᠤᠷᠠᠳ ᠤᠨ ᠡᠮᠦᠨᠡᠲᠦ ᠬᠤᠰᠢᠭᠤᠨ ᠤ ᠨᠠᠢᠮᠠᠲᠠᠢ ᠲᠤᠰᠬᠤᠨ ᠳᠤ ᠰᠠᠭᠤᠷᠢᠰᠢᠵᠦ᠂ ᠲᠦᠷᠪᠡᠨ ᠬᠦᠤ ᠨᠢᠭᠡ ᠬᠡᠤᠬᠡᠨ ᠲᠠᠢ ᠦᠨᠢᠷ ᠠᠶᠢᠯ ᠪᠤᠯᠵᠦ ᠠᠮᠢᠳᠤᠷᠠᠵᠦ ᠪᠠᠶᠢᠭᠰᠠᠨ ᠢᠶᠠᠨ 1933 ᠤᠨ ᠳᠤ ᠪᠠᠰᠠ ᠨᠢᠭᠡ ᠬᠦᠤ ᠬᠦᠩᠭᠡᠵᠢᠵᠦ᠂ ᠲᠠᠬᠢᠭᠠᠳ ᠬᠡᠤᠬᠡᠳ ᠠᠪᠬᠤ ᠦᠭᠡᠢ ᠭᠡᠵᠦ ᠤᠳᠬᠤᠨᠪᠢᠯᠢᠭ᠌ ᠨᠡᠷ᠎ᠡ ᠬᠠᠶᠢᠷᠯᠠᠭᠰᠠᠨ ᠪᠠᠶᠢᠯ᠎ᠡ᠃ ᠤᠳᠬᠤᠨᠪᠢᠯᠢᠭ᠌ ᠬᠦᠤ ᠶᠢ ᠠᠷᠪᠠᠨ ᠨᠠᠰᠦ ᠲᠠᠢ ᠪᠠᠶᠢᠬᠤ ᠳᠤ ᠨᠢ ᠡᠵᠢ ᠨᠢ ᠯᠠᠮᠠ ᠪᠤᠯᠭᠠᠬᠤ ᠪᠠᠷ ᠨᠢᠷᠤᠭᠤᠨ ᠳᠤ ᠪᠠᠨ ᠲᠤᠯᠲᠠᠯ᠎ᠡ ᠬᠦᠷᠦᠭᠰᠡᠨ ᠭᠡᠵᠢᠭᠡ ᠶᠢ ᠨᠢ ᠬᠦᠯᠦ᠋ᠢᠲᠡᠯ᠎ᠡ ᠬᠤᠰᠦᠵᠦ᠂ ᠷᠠᠩᠵᠢᠮ᠎ᠡ ᠶᠢᠨ ᠰᠦᠮ᠎ᠡ ᠳᠤ ᠬᠦᠷᠭᠡᠵᠦ ᠯᠠᠮᠠ ᠪᠤᠯᠭᠠᠬᠤ ᠪᠠᠷ ᠪᠠᠶᠢᠬᠤ ᠳᠤ ᠨᠢ ᠴᠡᠷᠢᠭ ᠤᠨ ᠠᠯᠪᠠ ᠬᠠᠭᠠᠵᠦ ᠪᠠᠶᠢᠬᠰᠠᠨ ᠭᠤᠷᠪᠠᠳᠤᠭᠠᠷ ᠠᠬ᠎ᠠ ᠨᠢ ᠶᠠᠭ ᠰᠠᠶᠢᠬᠠᠨ ᠰᠢᠨᠡᠯᠡᠬᠦ ᠪᠠᠷ ᠬᠠᠷᠢᠵᠦ ᠢᠷᠡᠬᠦ ᠲᠠᠢ ᠲᠠᠭᠠᠷᠠᠭᠠᠳ ᠲᠡᠭᠦᠤ ᠶᠢᠨ ᠢᠶᠠᠨ ᠪᠠᠨᠳᠢ ᠪᠤᠯᠬᠤ ᠶᠢ ᠡᠷᠡᠰ ᠡᠰᠡᠷᠭᠦᠴᠡᠵᠦ᠂ ᠡᠵᠢ ᠪᠠᠨ ᠢᠳᠬᠠᠭᠠᠳ ᠮᠦᠨ ᠲᠤᠰ ᠵᠢᠯ ᠳᠤ ᠨᠤᠲᠤᠭ ᠤᠨ ᠢᠶᠠᠨ ᠰᠤᠷᠭᠠᠭᠤᠯᠢ ᠳᠤ ᠪᠢᠴᠢᠭ᠌ ᠦᠵᠡᠭᠦᠯᠵᠠᠢ᠃《ᠭᠡᠷᠪᠡ ᠭᠤᠷᠪᠠᠳᠤᠭᠠᠷ ᠠᠬ᠎ᠠ ᠨᠠᠳᠠ ᠶᠢ ᠪᠢᠴᠢᠭ᠌ ᠦᠵᠡᠬᠦᠯᠬᠦ ᠪᠠᠷ ᠬᠦᠴᠦᠯᠡᠭᠰᠡᠨ ᠦᠭᠡᠢ ᠪᠤᠯ ᠪᠢ ᠴᠢᠨᠢ ᠯᠠᠮᠠ ᠪᠤᠯᠴᠢᠬᠠᠭᠰᠠᠨ ᠴᠢᠯᠦᠭᠡᠯᠡᠭᠳᠡᠭᠰᠡᠨ ᠤ ᠲᠠᠷᠠᠭ᠎ᠠ ᠦᠪᠡᠷ ᠤᠨ ᠡᠷᠭᠡ ᠦᠭᠡᠢ ᠭᠡᠷ ᠲᠡᠭᠡᠨ ᠮᠠᠯ ᠤᠨ ᠪᠦᠭ᠍ᠰᠡ ᠲᠠᠭᠠᠬᠤ ᠲᠠᠪᠢᠯᠠᠩ ᠠᠴᠠ ᠮᠤᠯᠲᠤᠷᠠᠬᠤ ᠳᠤ ᠪᠡᠷᠭᠡ ᠪᠤᠯᠤᠨ᠎ᠡ》ᠭᠡᠵᠦ ᠬᠤᠤ ᠸᠧᠢ ᠮᠢᠨ ᠶᠠᠷᠢᠨ᠎ᠡ᠃ ᠨᠤᠲᠤᠭ ᠤᠨ ᠰᠤᠷᠭᠠᠭᠤᠯᠢ ᠭᠡᠵᠦ ᠠᠶᠢᠯ ᠤᠨ ᠭᠡᠷ ᠢ ᠵᠢᠭᠡᠯᠡᠵᠦ ᠬᠢᠴᠢᠶᠡᠯ ᠤᠨ ᠭᠡᠷ ᠪᠤᠯᠭᠠᠵᠦ᠂ ᠰᠢᠪᠠᠷ ᠢᠶᠠᠷ ᠰᠢᠷᠡᠭᠡ ᠰᠠᠠᠳᠠᠯᠢ ᠦᠷᠦᠭᠰᠡᠨ ᠮᠦᠷᠲᠡᠭᠡᠨ ᠴᠤᠷ ᠤᠨ ᠭᠠᠭᠴᠠ ᠪᠠᠭᠰᠢ ᠲᠠᠢ ᠪᠠᠶᠢᠵᠦ᠂ ᠪᠠᠭᠰᠢ ᠨᠢ ᠭᠠᠷᠠᠭ ᠲᠤ ᠨᠢᠭᠡᠯᠭᠡᠨ ᠤᠳᠠᠭ᠎ᠠ ᠬᠢᠴᠢᠶᠡᠯ ᠵᠢᠭᠠᠳᠠᠭ ᠠᠴᠠ ᠪᠤᠰᠤᠳ ᠴᠠᠭ ᠲᠤ ᠲᠡᠭᠡᠷ᠎ᠡ ᠠᠩᠬᠢ ᠨᠢ ᠲᠤᠤᠷ᠎ᠡ ᠠᠩᠬᠢ ᠳᠠᠭᠠᠨ ᠵᠢᠭᠠᠵᠦ ᠡᠳᠦᠷ ᠬᠤᠨᠤᠭ ᠢ ᠨᠦᠭᠴᠢᠭᠡᠳᠡᠭ᠃ ᠰᠢᠪᠡᠷ ᠰᠢᠷᠡᠭᠡ ᠪᠠᠨ ᠡᠯᠢᠭᠡᠳᠡᠨ ᠰᠠᠭᠤᠭᠰᠠᠨ ᠮᠤᠨᠭᠭᠤᠯ ᠬᠡᠤᠬᠡᠳ ᠤᠳ ᠡᠮᠦᠨ᠎ᠡ ᠪᠠᠨ ᠲᠦᠭᠦᠷᠡᠩ ᠡᠯᠡᠰᠦ ᠬᠢᠭ᠍ᠰᠡᠨ ᠫᠢᠯᠠ ᠪᠠᠨ ᠲᠠᠯᠪᠢᠵᠦ᠂ ᠨᠠᠷᠢᠨ ᠰᠤᠬᠠᠢ ᠶᠢ ᠵᠤᠷᠭᠤᠵᠦ ᠦᠵᠦᠬᠦᠷ ᠭᠠᠷᠭᠠᠭᠠᠳ ᠪᠠᠭᠰᠢ ᠶᠢᠨ ᠵᠢᠭᠠᠭᠰᠠᠨ ᠢ ᠡᠯᠡᠰᠦᠨ ᠲᠡᠭᠡᠷ᠎ᠡ ᠪᠢᠴᠢᠵᠦ ᠰᠤᠷᠳᠠᠭ ᠪᠠᠶᠢᠯ᠎ᠡ᠃ ᠤᠳᠤ ᠶᠢᠨ ᠴᠠᠭ ᠲᠤ ᠰᠡᠳᠭᠢᠭ᠍ᠳᠡᠰᠢ ᠦᠭᠡᠢ ᠡᠶᠢᠮᠦᠷᠭᠦ ᠰᠤᠷᠭᠠᠭᠤᠯᠢ ᠶᠢᠨ ᠠᠮᠢᠳᠤᠷᠠᠯ ᠢᠶᠠᠨ ᠲᠡᠷᠡ ᠶᠡᠷᠦ ᠨᠢ ᠭᠤᠯᠤᠭ᠎ᠠ ᠦᠭᠡᠢ᠃ ᠪᠢᠴᠢᠭ᠌ ᠰᠤᠷᠬᠤ ᠡᠨᠡᠬᠦ ᠵᠠᠪᠰᠢᠶᠠᠨ ᠢᠶᠠᠨ ᠲᠤᠩ ᠨᠠᠨᠳᠢᠩᠨᠠᠵᠦ᠂ ᠰᠢᠪᠠᠷ ᠰᠢᠷᠡᠭᠡ ᠪᠠᠨ ᠪᠤᠳᠠᠭᠠᠨ ᠰᠦᠮᠦᠰᠦ ᠪᠠᠷ ᠬᠢᠯᠠᠯᠵᠠᠲᠠᠯ᠎ᠡ ᠵᠦᠯᠬᠦᠵᠦ᠂ ᠰᠤᠬᠠᠢ ᠪᠢᠷ ᠢᠶᠠᠨ ᠬᠢᠲᠤᠭ᠎ᠠ ᠪᠠᠷ ᠬᠦᠯᠦ᠋ᠢᠲᠡᠯ᠎ᠡ ᠬᠤᠰᠦᠵᠦ ᠵᠠᠰᠠᠳᠠᠭ ᠪᠠᠶᠢᠪᠠ᠃ 1946 ᠤᠨ ᠳᠤ ᠮᠤᠨᠭᠭᠤᠯ ᠰᠤᠷᠭᠠᠭᠤᠯᠢ ᠪᠠᠶᠢᠬᠤ ᠦᠭᠡᠢ ᠪᠤᠯᠬᠤᠷ ᠤᠳᠬᠤᠨᠪᠢᠯᠢᠭ᠌ ᠠᠨ ᠪᠸᠢ ᠰᠢᠶᠠᠨ ᠤ ᠬᠤᠪᠢ ᠶᠢᠨ ᠡᠷᠬᠢᠯᠡᠭᠰᠡᠨ ᠶᠢᠩ ᠱᠢ ᠰᠤᠷᠭᠠᠭᠤᠯᠢ ᠳᠤ ᠤᠷᠤᠵᠦ ᠰᠤᠷᠤᠯᠴᠠᠯ᠎ᠡ᠃ ᠲᠤᠰ ᠰᠤᠷᠭᠠᠭᠤᠯᠢ ᠳᠤ ᠤᠳᠬᠤᠨᠪᠢᠯᠢᠭ᠌ ᠠᠴᠠ ᠤᠨᠳᠤᠤ ᠮᠤᠨᠭᠭᠤᠯ ᠰᠤᠷᠤᠭᠴᠢ ᠨᠢᠭᠡ ᠴᠦ ᠦᠭᠡᠢ ᠪᠠᠶᠢᠪᠠ᠃《ᠨᠡᠷ ᠎ᠡ ᠴᠢᠨᠢ ᠬᠡᠨ ᠶᠤᠮ ᠪᠤᠢ︖》 ᠭᠡᠵᠦ ᠪᠠᠭᠰᠢ ᠨᠢ ᠠᠰᠠᠭᠤᠪᠠᠯ᠄ 《ᠤᠳᠬᠤᠨᠪᠢᠯᠢᠭ᠌》ᠭᠡᠵᠦ ᠲᠡᠷᠡ ᠬᠠᠷᠢᠭᠤᠯᠪᠠ᠃ 《ᠤ ᠁ ᠤ ᠁ ᠲᠧᠩ》 ᠭᠡᠵᠦ ᠪᠠᠭᠰᠢ ᠨᠢ ᠬᠡᠳᠦ ᠲᠠᠬᠢᠵᠦ ᠬᠡᠯᠡ ᠨᠢ ᠤᠷᠢᠶᠠᠯᠳᠤᠭᠠᠳ ᠲᠠᠭᠤᠳᠠᠵᠦ ᠲᠡᠶᠢᠯᠦᠭᠰᠡᠨ ᠦᠭᠡᠢ ᠪᠤᠯᠬᠤᠷ ᠬᠠᠷᠠᠨᠤᠳ᠂ ᠬᠤᠤ ᠤᠪᠤᠭᠲᠠᠢ ᠭᠡᠬᠦ ᠶᠢ ᠨᠢ ᠰᠤᠨᠤᠰᠤᠭᠠᠳ ᠬᠤᠤ ᠸᠧᠢ ᠮᠢᠨ ᠭᠡᠰᠡᠨ ᠨᠡᠷ᠎ᠡ ᠬᠠᠶᠢᠷᠠᠯᠠᠭᠰᠠᠨ ᠪᠠᠶᠢᠨ᠎ᠡ᠃ ᠡᠨᠡ ᠡᠳᠦᠷ ᠠᠴᠠ ᠬᠤᠶᠢᠰᠢ ᠪᠠᠭᠰᠢ ᠪᠤᠯᠤᠨ ᠬᠠᠮᠲᠦ ᠨᠦᠬᠦᠳ ᠨᠢ ᠲᠡᠭᠦᠨ ᠢ ᠬᠤᠤ ᠸᠧᠢ ᠮᠢᠨ ᠭᠡᠵᠦ ᠲᠠᠭᠤᠳᠠᠬᠤ ᠪᠤᠯᠤᠭᠰᠠᠨ ᠮᠦᠷᠲᠡᠭᠡᠨ ᠬᠤᠵᠢᠮ ᠨᠢ ᠬᠤᠤ ᠸᠧᠢ ᠮᠢᠨ ᠬᠡᠳᠡᠭ ᠬᠢᠲᠠᠳ ᠨᠡᠷ᠎ᠡ ᠨᠢ ᠭᠤᠤᠯᠳᠠᠭᠤ ᠭᠡᠷᠡᠭᠯᠡᠭᠳᠡᠬᠦ ᠪᠤᠯᠤᠭᠰᠠᠨ ᠪᠠᠶᠢᠨ᠎ᠡ᠃ ᠶᠢᠩ ᠱᠢ ᠰᠤᠷᠭᠠᠭᠤᠯᠢ ᠳᠤ ᠲᠦᠷᠪᠡᠳᠦᠭᠡᠷ ᠤᠨ ᠪᠤᠯᠲᠠᠯ᠎ᠡ ᠪᠢᠴᠢᠭ᠌ ᠦᠵᠡᠭᠡᠳ 1948 ᠤᠨ ᠳᠤ ᠮᠤᠵᠢ ᠠᠴᠠ ᠡᠷᠬᠢᠯᠡᠭᠰᠡᠨ ᠦᠶᠦᠸᠠᠨ ᠪᠠᠭ᠎ᠠ ᠰᠤᠷᠭᠠᠭᠤᠯᠢ ᠳᠤ ᠰᠢᠯᠭᠠᠨ ᠤᠷᠤᠵᠦ ᠲᠠᠪᠤᠳᠤᠭᠠᠷ ᠤᠨ ᠳᠤ ᠰᠤᠷᠤᠯᠴᠠᠵᠠᠢ᠃ ᠮᠦᠨ ᠲᠤᠰ ᠵᠢᠯ ᠴᠢᠯᠦᠭᠡᠯᠡᠬᠦ ᠴᠡᠷᠢᠭ ᠪᠤᠯᠤᠨ ᠭᠤᠮᠢᠨᠳᠠᠩ ᠤᠨ ᠴᠡᠷᠢᠭ ᠪᠤᠭᠤᠲᠦ ᠳᠤ ᠪᠠᠶᠢᠯᠳᠤᠵᠦ᠂ ᠭᠤᠮᠢᠨᠳᠠᠩ ᠤᠨ ᠴᠡᠷᠢᠭ ᠲᠡᠶᠢᠯᠦᠭᠳᠡᠭᠡᠳ ᠪᠠᠷᠠᠭᠤᠨᠰᠢ ᠤᠬᠤᠷᠢᠬᠤ ᠳᠠᠭᠠᠨ ᠦᠶᠦᠸᠠᠨ ᠢᠶᠠᠷ ᠦᠩᠭᠡᠷᠡᠭᠦ ᠳᠤ ᠠᠳᠡᠬᠢ ᠰᠤᠷᠭᠠᠭᠤᠯᠢ ᠨᠤᠭᠤᠳ ᠬᠢᠴᠢᠶᠡᠯ ᠵᠤᠭᠰᠦᠵᠦ ᠰᠤᠷᠤᠭᠴᠢᠳ ᠴᠦᠮ ᠭᠡᠷ ᠲᠡᠭᠡᠨ ᠬᠠᠷᠢᠵᠦ᠂ ᠡᠵᠢ ᠳᠡᠭᠡᠨ ᠢᠯᠡᠭᠦᠬᠡᠨ ᠬᠠᠪᠰᠤᠷᠤᠶ᠎ᠡ ᠭᠡᠵᠦ ᠪᠤᠳᠤᠬᠤ ᠳᠠᠭᠠᠨ ᠡᠪᠡᠰᠦ ᠬᠠᠳᠤᠬᠤ᠂ ᠮᠠᠯ ᠬᠠᠷᠢᠭᠤᠯᠬᠤ ᠵᠡᠷᠭᠡ ᠡᠳᠦᠷ ᠲᠤᠳᠤᠮ ᠤᠨ ᠠᠷᠰᠠᠷ ᠠᠵᠢᠯ ᠳᠤ ᠪᠤᠷᠪᠢ ᠪᠤᠬᠢᠰᠬᠢᠯ ᠦᠭᠡᠢ ᠬᠦᠶᠦᠭᠰᠡᠨ ᠪᠠᠶᠢᠨ᠎ᠡ᠃ 《ᠮᠢᠨᠦ ᠡᠵᠢ ᠮᠢᠨᠢ ᠠᠭᠤᠤ ᠶᠡᠭᠡ ᠬᠦᠮᠦᠨ ᠰᠢᠤ ᠨᠠᠮᠠᠢᠢ ᠬᠤᠶᠠᠷ ᠨᠠᠰᠦ ᠲᠠᠢ ᠳᠤ ᠠᠪᠤ ᠨᠠᠰᠦ ᠨᠦᠭᠴᠢᠭᠰᠡᠨ ᠪᠤᠯᠬᠤᠷ ᠠᠬ᠎ᠠ ᠲᠡᠭᠦᠤ ᠵᠢᠷᠭᠤᠭ᠎ᠠ ᠶᠢ ᠦᠰᠬᠡᠬᠦ ᠬᠦᠨᠳᠦ ᠡᠭᠦᠷᠭᠡ ᠮᠦᠷᠦᠨ ᠳᠤ ᠨᠢ ᠲᠠᠯᠪᠢᠭᠳᠠᠭᠰᠠᠨ᠃ ᠡᠵᠢ ᠮᠢᠨᠢ ᠮᠠᠨ ᠤ ᠵᠢᠷᠭᠤᠭ᠎ᠠ ᠶᠢ ᠬᠦᠮᠦᠨ ᠠᠴᠠ ᠲᠤᠤᠷ᠎ᠡ ᠦᠭᠡᠢ ᠰᠠᠶᠢᠬᠠᠨ ᠶᠠᠪᠤᠭᠤᠯᠤᠭᠰᠠᠨ᠃ ᠨᠡᠩ ᠴᠦ ᠮᠢᠨᠦ ᠰᠤᠷᠤᠯᠭ᠎ᠠ ᠶᠢᠨ ᠲᠦᠯᠦᠭᠡ ᠲᠤᠩ ᠶᠡᠭᠡ ᠰᠡᠳᠭᠢᠯ ᠠᠯᠭᠠᠰᠠᠵᠦ᠂ ᠨᠠᠳᠠ ᠶᠢ ᠰᠤᠷᠤᠯᠭ᠎ᠠ ᠪᠠᠨ ᠵᠤᠭᠰᠦᠵᠦ ᠢᠷᠡᠬᠦ ᠳᠤ ᠲᠦᠢᠮᠦ ᠦᠭᠡᠢ ᠰᠡᠳᠭᠢᠯ ᠤᠨᠠᠭᠰᠠᠨ ᠳ᠋ᠠ︕》ᠭᠡᠵᠦ ᠰᠡᠳᠬᠢᠯ ᠬᠦᠨᠳᠦᠭᠡᠨ ᠡᠷᠬᠢᠴᠡᠭᠦᠯᠦᠨ᠎ᠡ᠃ ᠮᠦᠨ ᠢᠩᠬᠢᠵᠦ ᠭᠡᠷ ᠲᠡᠭᠡᠨ ᠰᠠᠭᠤᠵᠦ ᠪᠠᠶᠢᠳᠠᠯ᠎ᠡ ᠰᠤᠷᠭᠠᠭᠤᠯᠢ ᠪᠠᠶᠢᠭᠤᠯᠬᠤ ᠪᠠᠷ ᠢᠷᠡᠭᠰᠡᠨ ᠬᠤᠶᠠᠷ ᠪᠠᠭᠰᠢ ᠠᠴᠠ ᠬᠠᠭᠠᠰ ᠵᠢᠯ ᠰᠤᠷᠤᠯᠴᠠᠵᠦ᠂ ᠲᠠᠬᠢᠨ ᠵᠢᠩ ᠱᠢ ᠰᠤᠷᠭᠠᠭᠤᠯᠢ ᠳᠤ ᠰᠤᠷᠤᠯᠴᠠᠨ᠂ ᠪᠢᠴᠢᠭ᠌ ᠲᠠᠢ ᠬᠦᠮᠦᠨ ᠪᠤᠯᠤᠶ᠎ᠡ ᠭᠡᠰᠡᠨ ᠬᠠᠳᠠᠭᠤ ᠪᠤᠳᠤᠯ ᠳᠠᠭᠠᠨ ᠬᠦᠲᠦᠯᠦᠭᠳᠡᠨ ᠬᠠᠶᠠ ᠰᠤᠷᠤᠯᠴᠠᠨ ᠬᠠᠶᠠ ᠲᠠᠰᠦᠯᠲᠠᠨ ᠪᠠᠶᠢᠭᠰᠠᠭᠠᠷ ᠴᠢᠯᠦᠭᠡᠯᠡᠬᠦ ᠶᠢᠨ ᠦᠶ᠎ᠡ ᠳᠤ ᠰᠠᠶᠢ ᠪᠠᠭ᠎ᠠ ᠰᠤᠷᠭᠠᠭᠤᠯᠢ ᠪᠠᠨ ᠲᠡᠭᠦᠰᠭᠡᠭ᠍ᠰᠡᠨ ᠶᠤᠮ᠃ 1949 ᠤᠨ ᠳᠤ ᠰᠦᠢ ᠶᠤᠸᠠᠨ ᠮᠤᠵᠢ ᠨᠠᠶᠢᠷᠠᠮᠳᠠᠯ ᠢᠶᠠᠷ ᠴᠢᠯᠦᠭᠡᠯᠡᠭᠳᠡᠭᠰᠡᠨ ᠠᠴᠠ ᠬᠤᠤ ᠸᠧᠢ ᠮᠢᠨ ᠡᠩᠬᠡ ᠲᠠᠶᠢᠪᠤᠩ ᠰᠤᠷᠤᠯᠴᠠᠬᠤ ᠤᠷᠴᠢᠨ ᠲᠠᠢ ᠪᠤᠯᠵᠦ᠂ 1951 ᠤᠨ ᠳᠤ ᠶᠡᠭᠡ ᠵᠤᠤ ᠠᠶᠢᠮᠠᠭ ᠤᠨ ᠲᠤᠮᠳᠠᠳᠦ ᠰᠤᠷᠭᠠᠭᠤᠯᠢ ᠳᠤ ᠰᠢᠯᠭᠠᠨ ᠤᠷᠤᠵᠦ᠂ ᠰᠤᠷᠭᠠᠭᠤᠯᠢ ᠶᠢᠨ ᠠᠮᠢᠳᠤᠷᠠᠯ ᠢ ᠵᠢᠩᠬᠢᠨᠢ ᠪᠠᠷ ᠦᠩᠭᠡᠷᠡᠭᠦᠯᠵᠦ ᠡᠬᠢᠯᠡᠭᠰᠡᠨ ᠭᠡᠯᠲᠠᠢ᠃ ᠦᠨᠳᠦᠷ ᠵᠡᠷᠭᠡ ᠶᠢᠨ ᠲᠤᠮᠳᠠᠳᠦ ᠰᠤᠷᠭᠠᠭᠤᠯᠢ ᠪᠠᠨ ᠬᠦᠬᠡᠬᠤᠲᠠ ᠳᠠᠬᠢ ᠲᠦᠮᠡᠳ ᠤᠨ ᠲᠤᠮᠳᠠᠳᠦ ᠰᠤᠷᠭᠠᠭᠤᠯᠢ ᠳᠤ ᠰᠤᠷᠤᠯᠴᠠᠵᠦ᠂ 1957 ᠤᠨ ᠳᠤ ᠬᠠᠮᠤᠭ ᠠᠩᠬᠠᠨ ᠤ ᠦᠨᠳᠦᠰᠦᠨ ᠠᠩᠬᠢ ᠶᠢᠨ ᠰᠤᠷᠤᠭᠴᠢ ᠶᠢᠨ ᠬᠤᠪᠢ ᠪᠠᠷ ᠦᠪᠦᠷ ᠮᠤᠨᠭᠭᠤᠯ ᠤᠨ ᠶᠡᠭᠡ ᠰᠤᠷᠭᠠᠭᠤᠯᠢ ᠶᠢᠨ ᠲᠡᠤᠬᠡ ᠶᠢᠨ ᠰᠠᠯᠪᠤᠷᠢ ᠶᠢᠨ ᠪᠤᠱᠤᠭ᠎ᠠ ᠶᠢ ᠠᠯᠬᠤᠵᠠᠢ᠃ 《ᠰᠦᠰᠦ ᠲᠤᠯᠢᠶᠠᠨ ᠰᠦᠯᠦ ᠲᠡᠭᠡᠷ᠎ᠡ ᠬᠡᠪᠲᠡᠵᠦ》 ᠰᠤᠷᠤᠯᠴᠠᠭᠰᠠᠨ ᠬᠦᠮᠦᠨ ᠡᠩᠭᠡ ᠲᠠᠶᠢᠪᠤᠩ ᠤᠷᠴᠢᠨ ᠳᠠᠬᠢ ᠰᠤᠷᠤᠯᠴᠠᠬᠤ ᠲᠤᠬᠢᠶᠠᠯ ᠢᠶᠠᠨ ᠬᠤᠪᠢ ᠲᠠᠬᠢᠨ ᠨᠠᠨᠳᠢᠩᠨᠠᠵᠦ᠂ ᠬᠠᠯᠠᠰᠢᠷᠠᠯ ᠦᠭᠡᠢ ᠮᠡᠷᠡᠶᠢᠨ ᠰᠤᠷᠤᠯᠴᠠᠭᠰᠠᠨ ᠪᠤᠯᠬᠤᠷ ᠪᠠᠭ᠎ᠠ ᠰᠤᠷᠭᠠᠭᠤᠯᠢ ᠠᠴᠠ ᠶᠡᠭᠡ ᠰᠤᠷᠭᠠᠭᠤᠯᠢ ᠲᠡᠭᠦᠰᠲᠡᠯ᠎ᠡ ᠪᠠᠨ ᠠᠩᠬᠢ ᠳᠠᠭᠠᠨ ᠨᠢᠭᠡᠳᠦᠭᠡᠷ ᠪᠠᠶᠢᠷᠢ ᠶᠢ ᠨᠢᠬᠡᠭᠡᠨ ᠴᠦ ᠤᠳᠠᠭ᠎ᠠ ᠠᠯᠳᠠᠭᠰᠠᠨ ᠦᠭᠡᠢ ᠯᠠᠪᠳᠠᠭᠤᠨ ᠪᠠᠲᠤᠳᠠᠢ ᠡᠵᠡᠯᠡᠭᠰᠡᠭᠡᠷ ᠢᠷᠡᠵᠠᠢ᠃

ᠢᠷᠡᠯᠳᠡ᠄ ᠲᠤᠮᠳᠠᠳᠤ ᠤᠯᠤᠰ ᠤᠨ ᠮᠤᠨᠭᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120701117370572