蒙古文网站Logo
ᠰᠢᠨᠬᠤᠸᠠ ᠮᠤᠩᠭ᠋ᠤᠯ ᠨᠧᠲ

ᠠᠯᠳᠠᠷᠳᠤ ᠮᠤᠩᠭ᠋ᠤᠯᠴᠢ ᠡᠷᠳᠡᠮᠳᠡᠨ ᠴᠢᠮᠡᠳᠳᠤᠷᠵᠢ ᠫᠷᠤᠹᠧᠰᠰᠤᠷ - ᠲᠤᠮᠳᠠᠳᠤ ᠮᠤᠩᠭ᠋ᠤᠯ ᠬᠤᠶᠠᠷ ᠤᠯᠤᠰ ᠤᠨ ᠡᠷᠳᠡᠮ ᠰᠢᠨᠵᠢᠯᠡᠭᠡᠨ ᠤ ᠬᠠᠷᠢᠯᠴᠠᠭ᠎ᠠ ᠶᠢ ᠠᠬᠢᠭᠤᠯᠤᠭᠰᠠᠨ ᠡᠷᠳᠡᠮᠳᠡᠨ

2015-12-07 10:45

    

ᠴᠢᠮᠡᠳᠳᠤᠷᠵᠢ ᠫᠷᠦᠹᠧᠰᠰᠤᠷ ᠠᠵᠢᠯᠯᠠᠵᠤ ᠪᠠᠶᠢᠭ᠎ᠠ ᠨᠢ 

    ᠰᠢᠨᠬᠤᠸᠠ ᠮᠣᠩᠭᠣᠯ ᠨᠧᠲ  ᠬᠦᠬᠡᠬᠤᠲᠠ ᠶᠢᠨ 11 ᠰᠠᠷ᠎ᠠ ᠶᠢᠨ 6 ᠤ ᠡᠳᠦᠷ ᠤᠨ ᠴᠠᠬᠢᠯᠭᠠᠨ ᠮᠡᠳᠡᠭᠡ (ᠪᠠᠢ ᠯᠢᠩ ᠳ᠋ᠢ᠂ ᠰᠠᠷᠠᠨᠳᠤᠶᠠᠭ᠎ᠠ) ᠮᠤᠩ᠋ᠭᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠳᠡᠦᠬᠡ ᠠᠷᠭ᠍ᠧᠦᠯᠤᠬᠢ ᠶᠢᠨ ᠬᠦᠷᠢᠶᠡᠯᠡᠩ ᠠᠴᠠ ᠴᠢᠮᠡᠳᠳᠤᠷᠵᠢ ᠫᠷᠦᠹᠧᠰᠰᠤᠷ ᠲᠤ ᠬᠦᠨᠳᠦᠳᠦ ‍ᠳ᠋᠋ᠤᠺᠲ᠋ᠤᠷ ᠤᠨ ᠴᠤᠯᠠ ᠤᠯᠭᠤᠬᠤ ᠠᠵᠢᠯᠯᠠᠭ᠎ᠠ᠂10 ᠰᠠᠷ᠎ᠠ ᠶᠢᠨ 14 ᠤ ᠡᠳᠤᠷ ᠦᠪᠦᠷ ᠮᠤᠩᠭ᠋ᠤᠯ ᠤᠨ ᠶᠡᠬᠡ ᠰᠤᠷᠭᠠᠭᠤᠯᠢ ᠳᠤ ᠵᠤᠬᠢᠶᠠᠨ ᠪᠠᠶᠢᠭᠤᠯᠤᠭᠳᠠᠪᠠ᠃ ᠴᠢᠮᠡᠳᠳᠤᠷᠵᠢ ᠫᠷᠦᠹᠧᠰᠰᠤᠷ ᠡᠨᠡᠬᠦ ᠢᠷᠠᠭᠤ ᠠᠯᠳᠠᠷ ᠢ ᠬᠦᠷᠳᠡᠭᠰᠡᠨ ᠶᠠᠪᠤᠳᠠᠯ ᠨᠢ ᠮᠤᠩᠭ᠋ᠤᠯ ᠰᠤᠳᠤᠯᠤᠯ ᠤᠨ ᠰᠠᠯᠪᠤᠷᠢ ᠶᠢᠨ ᠬᠢᠨ ᠤ ᠤᠮᠤᠭᠰᠢᠯ ᠪᠤᠯᠤᠭᠰᠠᠨ ᠳᠡᠳᠦᠢ ᠦᠬᠡᠢ᠂ ᠮᠠᠨ ᠤ ᠤᠯᠤᠰ ᠤᠨ ᠮᠤᠩᠭ᠋ᠤᠯ ᠰᠤᠳᠤᠯᠤᠯ ᠬᠢᠯᠢ ᠶᠢᠨ ᠭᠠᠳᠠᠨ᠎ᠠ ᠬᠠᠮᠳᠤᠷᠠᠯᠴᠠᠭᠠᠨ ᠤ ᠠᠵᠢᠯᠯᠠᠭ᠎ᠠ ᠦᠷᠨᠢᠬᠦᠯᠬᠦ ᠪᠤᠯᠤᠭᠰᠠᠨ ᠤ ᠢᠯᠡᠷᠡᠯ ᠪᠤᠯᠬᠤ ᠶᠤᠮ᠃ ᠡᠨᠡᠬᠦ ᠳᠠᠰᠢᠷᠠᠮ ᠢᠶᠡᠷ ᠪᠢᠳᠡ ᠡᠷᠳᠡᠮᠳᠡᠨ ᠪᠠᠭᠰᠢ ᠡᠴᠡ ᠳᠤᠰᠬᠠᠢ ᠶᠠᠷᠢᠯᠴᠠᠯᠭ᠎ᠠ ᠠᠪᠬᠤ ᠪᠡᠷ ᠪᠤᠯᠵᠤᠵᠤ ᠠᠵᠢᠯ ᠤᠨ ᠬᠢᠨᠢ ᠭᠠᠵᠠᠷ ᠬᠦᠷᠴᠤ ᠤᠴᠢᠭᠰᠠᠨ ᠪᠢᠯᠡ᠃

    《ᠠᠷᠪᠠᠨ ᠭᠤᠷᠪᠠᠳᠤᠭᠠᠷ ᠲᠠᠪᠤᠨ ᠵᠢᠯ ᠤᠨ ᠬᠦᠭ᠍ᠵᠢᠯᠳᠡ ᠶᠢᠨ ᠲᠦᠰᠦᠯ》 ᠪᠤᠯᠪᠠᠰᠤᠷᠠᠭᠤᠯᠬᠤ ᠠᠵᠢᠯ ᠳᠤ ᠶᠠᠭᠠᠷᠠᠵᠤ ᠪᠠᠶᠢᠭᠰᠠᠨ ᠴᠢᠮᠡᠳᠳᠤᠷᠵᠢ ᠫᠷᠦᠹᠧᠰᠰᠤᠷ ᠪᠢᠳᠡᠨᠡᠷ ᠲᠠᠢ ᠠᠭᠤᠯᠵᠠᠮᠠᠭᠴᠠ᠄《ᠲᠤᠰ ᠤᠳᠠᠭᠠᠨ ᠤ ᠴᠤᠯᠠ ᠣᠯᠭᠤᠬᠤ ᠶᠤᠰᠤᠯᠠᠯ ᠢᠶᠡᠷ᠂ ᠮᠠᠨ ᠤ ᠮᠤᠩᠭ᠋ᠤᠯ ᠰᠤᠳᠤᠯᠤᠯ ᠤᠨ ᠲᠦᠪ᠂ ᠮᠤᠩᠭ᠋ᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳ᠋᠋ᠧᠮᠢ ᠲᠡᠦᠬᠡ ᠠᠷᠭᠧᠤᠯᠤᠬᠢ ᠶᠢᠨ ᠬᠦᠷᠢᠶᠡᠯᠡᠭ ᠲᠠᠢ 〈 17-19 ᠳ᠋ᠤᠬᠡᠷ ᠵᠠᠭᠤᠨ ᠤ ᠬᠤᠭᠤᠷᠤᠨᠳᠤᠬᠢ ᠮᠤᠩᠭ᠋ᠤᠯ ᠤᠷᠤᠰ ᠤᠨ ᠬᠠᠷᠢᠴᠠᠭ᠎ᠠ〉ᠬᠡᠬᠦ ᠲᠤᠮᠤ ᠰᠡᠳᠦᠪ ᠢᠶᠡᠷ ᠬᠠᠮᠳᠤᠷᠠᠨ ᠠᠵᠢᠯᠯᠠᠬᠤ ᠬᠡᠯᠡᠯᠴᠡᠬᠡᠷ ᠲᠤ ᠭᠠᠷ ᠤᠨ ᠦᠰᠦᠭ ᠵᠢᠷᠤᠭᠰᠠᠨ 》ᠬᠡᠳ ᠶᠠᠷᠢᠯᠴᠠᠯᠭ᠎ᠠ ᠪᠡᠨ ᠡᠬᠢᠯᠡᠬᠦᠯᠦᠯ᠎ᠡ᠃

    ᠴᠢᠮᠡᠳᠳᠤᠷᠵᠢ ᠫᠷᠦᠹᠧᠰᠰᠤᠷ ᠪᠤᠯ ᠵᠦᠷᠴᠢᠨ ᠦᠬᠡ ᠬᠡᠯᠡ ᠦᠰᠦᠭ ᠪᠢᠴᠢᠭ᠌᠂ ᠵᠢᠨ ᠤᠯᠤᠰ ᠤᠨ ᠳᠡᠤᠬᠡ᠂ ᠴᠢᠩ ᠤᠯᠤᠰ ᠤᠨ ᠮᠤᠩᠭ᠋ᠤᠯᠴᠤᠳ ᠤᠨ ᠳᠡᠤᠬᠡ᠂ ᠮᠤᠩᠭ᠋ᠤ᠋ᠯ ᠦᠨᠳᠦᠰᠦᠳᠡᠨ ᠤ ᠳᠡᠤᠬᠡ ᠰᠤᠶᠤᠯ ᠵᠡᠷᠬᠡ ᠰᠤᠳᠤᠯᠭᠠᠨ ᠤ ᠬᠦᠷᠢᠶᠡᠨ ᠳᠤ ᠮᠠᠰᠢ ᠨᠡᠷ᠎ᠡ ᠠᠯᠳᠠᠷ ᠲᠠᠢ ᠶᠤᠮ᠃ ᠳᠡᠬᠦᠨ ᠤ ᠨᠠᠮᠳᠠᠷ ᠢ ᠰᠡᠬᠦᠬᠦ ᠳᠤ᠂ ᠪᠡᠶ᠎ᠡ ᠳᠠᠭᠠᠭᠠᠭᠰᠠᠨ ᠰᠤᠳᠤᠯᠭᠠᠨ ᠤ ᠪᠦᠳᠦᠬᠡᠯ 80 ᠭᠠᠷᠤᠢ ᠲᠤᠭᠤᠷᠪᠢᠭᠰᠠᠨ᠂ ᠤᠯᠤᠰ ᠤᠨ ᠳᠡᠰ ᠤᠨ ᠪᠠ ᠦᠪᠡᠷᠳᠡᠬᠡᠨ ᠵᠠᠰᠠᠬᠤ ᠤᠷᠤᠨ ᠤ ᠳᠡᠰ ᠤᠨ ᠰᠤᠳᠤᠯᠭᠠᠨ ᠤ ᠳᠦᠷᠦᠯ ᠵᠦᠢᠯ ᠠᠷᠪᠠ ᠭᠠᠷᠤᠢ ᠶᠢ ᠪᠡᠶᠡᠴᠢᠯᠡᠨ ᠬᠦᠢᠴᠡᠳᠬᠡᠭ᠍ᠰᠡᠨ᠂ ᠭ᠍ᠸᠷᠮᠠᠨ᠂ ᠬᠢᠳᠠᠳ᠂ ᠮᠤᠩᠭ᠋ᠤᠯ ᠭᠤᠷᠪᠠᠨ ᠬᠡᠯᠡᠨ ᠤ ᠬᠤᠭᠤᠷᠤᠨᠳᠡᠬᠢ ᠤᠷᠴᠢᠭᠤᠯᠤᠯᠭ᠎ᠠ ᠶᠢᠨ ᠪᠦᠳᠦᠬᠡᠯ 100 ᠭᠠᠷᠤᠢ ᠪᠠᠶᠢᠵᠤ᠂ ᠪᠠᠰᠠ ᠶᠡᠬᠡ ᠰᠤᠷᠭᠠᠭᠤᠯᠢ ᠶᠢᠨ ᠦᠨᠳᠦᠰᠦᠨ ᠠᠩᠬᠢ ᠪᠤᠯᠤᠨ ᠮᠠᠬᠢᠰᠲ᠋ᠸᠷ᠂ ᠳ᠋ᠤᠺᠲ᠋ᠤᠷᠠᠨᠲ ᠤᠨ ᠵᠢᠭᠠᠨ ᠰᠤᠷᠭᠠᠯᠳᠠ ᠳᠤ ᠬᠠᠨᠳᠤᠭᠤᠯᠤᠨ 20 ᠭᠠᠷᠤᠢ ᠳᠦᠷᠦᠯ ᠤᠨ ᠬᠢᠴᠢᠶᠡᠯ ᠨᠡᠬᠡᠬᠡᠭ᠍ᠰᠡᠨ ᠵᠡᠷᠬᠡ ᠳᠡᠮᠳᠡᠭᠯᠡᠯ ᠤᠳ ᠬᠠᠷᠠᠭᠳᠠᠨ᠎ᠠ᠃

    《ᠵᠦᠷᠴᠢᠨ ᠬᠡᠯᠡᠨ ᠤ ᠠᠪᠢᠶ᠎ᠠ ᠶᠢ ᠠᠩᠬᠠᠯᠠᠨ ᠰᠤᠳᠤᠯᠬᠤ ᠨᠢ》ᠬᠡᠳᠡᠭ ᠦᠬᠦᠯᠡᠯ ᠳᠡᠬᠡᠨ ᠵᠦᠷᠴᠢᠨ ᠬᠡᠯᠡᠨ ᠤ ᠠᠪᠢᠶ᠎ᠠ ᠳᠤ ᠵᠠᠳᠠᠯᠤᠯᠳᠠ ᠬᠢᠭ᠍ᠰᠡᠨ ᠢᠶᠡᠷ ᠪᠠᠷᠠᠬᠤ ᠦᠬᠡᠢ ᠪᠢᠴᠢᠵᠤ ᠢᠯᠡᠳᠬᠡᠬᠦ ᠳᠠᠯ᠎ᠠ ᠪᠡᠷ ᠬᠦᠨᠵᠡᠬᠡᠢ ᠰᠤᠳᠤᠯᠤᠭᠰᠠᠨ᠂ ᠮᠦᠨ ᠮᠠᠨᠵᠤ ᠬᠡᠯᠡ ᠵᠢᠴᠢ ᠪᠤᠰᠤᠳ ᠬᠡᠯᠡ ᠲᠠᠢ ᠬᠠᠷᠢᠴᠠᠭᠤᠯᠤᠨ ᠮᠢᠩ ᠬᠦᠷᠦᠨ ᠤ ᠦᠶ᠎ᠡ ᠶᠢᠨ ᠵᠦᠷᠴᠢᠨ ᠬᠡᠯᠡᠨ ᠤ ᠠᠪᠢᠶᠠᠨ ᠤ ᠰᠢᠲ᠋ᠸᠮ ᠢ ᠳᠤᠭᠳᠠᠭᠠᠵᠤ᠂ ᠳᠡᠬᠦᠨ ᠤ 12 ᠤᠨᠴᠠᠯᠢᠭ ᠢ ᠳ᠋ᠦ᠋ᠩᠨᠡᠵᠤ ᠭᠠᠷᠭᠠᠭᠰᠠᠨ᠂《ᠢᠵᠠᠭᠤᠷ ᠮᠤᠩᠭ᠋ᠤᠯ ᠬᠡᠯᠡᠨ ᠡᠴᠡ ᠬᠢᠳᠠᠨ ᠬᠡᠯᠡᠨ ᠳᠤ ᠬᠦᠷᠳᠡᠯ᠎ᠡ》ᠬᠡᠮᠡᠬᠦ ᠪᠦᠳᠦᠬᠡᠯ ᠨᠢ ᠬᠢᠳᠠᠨ ᠬᠡᠯᠡ ᠪᠤᠯᠤᠨ ᠢᠵᠠᠭᠤᠷ ᠮᠤᠩᠭ᠋ᠤᠯ ᠬᠡᠯᠡᠨ ᠤ ᠬᠠᠷᠢᠴᠠᠭᠠᠨ ᠳᠤ ᠬᠠᠮᠤᠭ ᠰᠢᠨ᠎ᠡ ᠵᠠᠳᠠᠯᠤᠯᠳᠠ ᠬᠢᠭ᠍ᠰᠡᠨ᠂《ᠪᠠᠷᠠᠭᠤᠨ ᠡᠮᠦᠨᠡᠳᠦ ᠶᠢᠨ ᠶᠡᠬᠡ ᠰᠤᠷᠭᠠᠭᠤᠯᠢ ᠶᠢᠨ ᠳᠡᠤᠬᠡᠨ ᠮᠦᠽᠸᠢ ᠳᠤ ᠬᠠᠳᠠᠭᠠᠯᠠᠭᠳᠠᠵᠤ ᠪᠠᠶᠢᠭᠰᠠᠨ ᠶᠤᠸᠠᠨ ᠬᠦᠷᠦᠨ ᠤ ᠮᠤᠩᠭ᠋ᠤᠯ ᠬᠡᠯᠡᠨ ᠤ ᠫᠠᠭᠪᠠ ᠦᠰᠦᠭ ᠲᠠᠢ ᠫᠠᠶᠢᠰᠠᠨ ᠤ ᠦᠰᠦᠭ ᠢ ᠤᠩᠰᠢᠨ ᠵᠠᠳᠠᠯᠬᠤ ᠨᠢ ᠵᠢᠴᠢ ᠪᠤᠰᠤᠳ》ᠬᠡᠳᠡᠭ ᠦᠬᠦᠯᠡᠯ ᠢᠶᠡᠷ ᠢᠶᠡᠨ ᠫᠠᠭᠪᠠ ᠦᠰᠦᠭ ᠲᠠᠢ ᠫᠠᠶᠢᠰᠠᠨ ᠤ ᠦᠰᠦᠭ ᠢ ᠵᠠᠳᠠᠯᠤᠭᠰᠠᠨ ᠳᠤᠬᠠᠢ ᠰᠢᠨ᠎ᠡ ᠢᠯᠡᠷᠡᠬᠦᠯᠦᠯᠳᠡ ᠪᠡᠨ ᠨᠡᠶᠢᠳᠡᠯᠡᠭᠰᠡᠨ᠂《ᠴᠢᠩᠬᠢᠰ ᠬᠠᠭᠠᠨ ᠤ ᠵᠢᠨ ᠬᠦᠷᠦᠨ ᠲᠠᠢ ᠬᠢᠭ᠍ᠰᠡᠨ ᠳᠠᠶᠢᠨ》 ᠬᠡᠮᠡᠬᠦ ᠦᠬᠦᠯᠡᠯ ᠳᠡᠬᠡᠨ ᠮᠤᠩᠭ᠋ᠤᠯ᠂ ᠵᠢᠨ ᠤ ᠠᠩᠬᠠᠨ ᠱᠠᠳᠤᠨ ᠤ ᠳᠠᠶᠢᠨ ᠳᠤ ᠰᠢᠰᠲ᠋ᠸᠮ ᠲᠠᠢ ᠳᠠᠶᠢᠯᠪᠤᠷᠢᠯᠠᠯᠳᠠ ᠬᠢᠭ᠍ᠰᠡᠨ᠂ ᠡᠨᠳᠡ ᠪᠠᠰᠠ ᠨᠢᠬᠡ ᠤᠨᠴᠠᠭᠠᠶᠢᠯᠠᠨ ᠳᠤᠷᠠᠳᠤᠭᠤᠰᠢᠳᠠᠢ ᠨᠢ 《ᠮᠤᠩᠭ᠋ᠤᠯ ᠦᠨᠳᠦᠰᠦᠳᠡᠨ ᠤ ᠨᠡᠪᠳᠡᠷᠬᠡᠢ ᠳᠡᠤᠬᠡ》 ᠤᠨ ᠳᠦᠷᠪᠡᠳᠦᠬᠡᠷ ᠪᠤᠳᠢ ᠳᠡᠬᠢ《ᠬᠠᠯᠬ᠎ᠠ ᠬᠢᠬᠡᠳ ᠵᠦᠩᠭ᠋ᠠᠷ ᠤᠨ ᠳᠠᠶᠢᠯᠠᠯᠳᠤᠭᠠᠨ》ᠬᠡᠮᠡᠬᠦ ᠪᠦᠳᠦᠬᠡᠯ ᠨᠢ ᠦᠩᠬᠡᠷᠡᠭᠰᠡᠨ ᠤ ᠰᠤᠳᠤᠯᠭᠠᠨ ᠳᠤ ᠪᠠᠶᠢᠭ᠎ᠠ ᠦᠬᠡᠢ ᠵᠦᠢᠯ ᠢ ᠨᠦᠬᠦᠪᠦᠷᠢᠯᠡᠭᠰᠡᠨ ᠵᠡᠷᠬᠡ ᠨᠢ ᠮᠤᠩᠭ᠋ᠤᠯ ᠰᠤᠳᠤᠯᠤᠯ ᠤᠨ ᠡᠳᠡᠬᠡᠳ ᠤᠨ ᠬᠢᠨ ᠢ ᠮᠠᠰᠢ ᠳᠦᠷᠬᠢᠬᠦᠯᠦᠭᠰᠡᠨ ᠶᠤᠮ᠃ ᠡᠬᠦᠨ ᠡᠴᠡ ᠭᠠᠳᠠᠨ᠎ᠠ《1696-1697ᠤᠨ ᠤ ᠬᠤᠭᠤᠷᠤᠨᠳᠤ ᠡᠩᠬᠡ ᠠᠮᠤᠭᠤᠯᠠᠩ ᠬᠠᠭᠠᠨ ᠬᠢᠭᠡᠳ ᠬᠠᠭᠠᠨ ᠤ ᠲᠠᠶᠢᠽᠢ ᠶᠢᠨ ᠴᠧᠩ ᠤᠨ ᠬᠤᠭᠤᠷᠤᠨᠳᠤᠬᠢ ᠵᠠᠷᠯᠢᠭ ᠪᠠ ᠠᠶᠢᠯᠠᠳᠬᠠᠯ ᠤᠨ ᠬᠠᠷᠢᠯᠴᠠᠭ᠎ᠠ》(ᠭ᠍ᠧᠷᠮᠠᠨ ᠬᠡᠯᠡ)᠂《ᠲᠠᠶᠢᠴᠢᠩ ᠤᠯᠤᠰ ᠤᠨ ᠲᠠᠶᠢᠽᠤ ᠬᠠᠭᠠᠨ᠂ ᠲᠠᠶᠢᠽᠦ᠋ᠩ ᠬᠠᠭᠠᠨ᠂ ᠱᠧᠽᠦ ᠬᠠᠭᠠᠨ ᠤ ᠦᠶ᠎ᠡ ᠶᠢᠨ ᠮᠤᠩᠭ᠋ᠤᠯ ᠲᠡᠦᠬᠡ ᠶᠢᠨ ᠰᠤᠷᠪᠤᠯᠵᠢ ᠪᠢᠴᠢᠭ᠌ ᠤᠨ ᠬᠠᠭᠤᠯᠤᠮᠠᠯ - ᠲᠡᠭᠷᠢ ᠲᠡᠳᠬᠦᠭ᠍ᠴᠢ ᠶᠢᠨ ᠲᠡᠪᠳᠡᠷ ᠬᠢᠭᠡᠳ ᠡᠩᠬᠡ ᠠᠮᠤᠭᠤᠯᠠᠩ ᠤᠨ ᠲᠡᠪᠳᠡᠷ ᠤᠨ ᠬᠠᠷᠢᠴᠠᠭᠤᠯᠤᠯ》᠂《 ᠴᠢᠩ ᠤᠯᠤᠰ ᠤᠨ ᠲᠤᠳᠤᠭᠠᠳᠤ  ᠶᠢᠨ ᠰᠤᠳᠤᠷ ᠤᠨ ᠶᠠᠮᠤᠨ ᠤ ᠮᠤᠩᠭ᠋ᠤᠯ ᠪᠢᠴᠢᠭ᠌ ᠤᠨ ᠲᠠᠩᠰᠠ ᠡᠪᠬᠡᠮᠡᠯ(1-7ᠪᠤᠳᠢ) 》᠂ ᠡᠷᠬᠢᠯᠡᠨ ᠨᠠᠶᠢᠷᠠᠭᠤᠯᠤᠭᠰᠠᠨ 《ᠦᠪᠦᠷ ᠮᠤᠩᠭ᠋ᠤᠯ ᠤᠨ ᠨᠡᠪᠳᠡᠷᠬᠡᠢ ᠲᠡᠦᠬᠡ᠂ ᠠᠯᠳᠠᠨ ᠤᠯᠤᠰ ᠤᠨ ᠡᠪᠭᠡᠮᠡᠯ》᠂《〈ᠮᠤᠩᠭ᠋ᠤᠯ ᠤᠨ ᠨᠢᠭᠤᠴᠠ ᠲᠤᠪᠴᠢᠶᠠᠨ〉 ᠤ ᠤᠶᠢᠭᠤᠷᠵᠢᠨ ᠮᠤᠩᠭ᠋ᠤᠯ ᠪᠢᠴᠢᠭ᠌ ᠤᠨ ᠲᠠᠬᠢᠨ ᠰᠡᠷᠬᠦᠬᠡᠯᠲᠡ ᠯᠠᠲ᠋ᠢᠨ ᠭᠠᠯᠢᠭᠯᠠᠯ》ᠵᠡᠷᠬᠡ ᠨᠦᠯᠦᠭᠡ ᠶᠡᠬᠡ ᠲᠠᠢ ᠰᠤᠳᠤᠯᠭᠠᠨ ᠤ ᠪᠦᠲᠦᠭᠡᠯ ᠤᠳ ᠲᠠᠢ ᠶᠤᠮ᠃

    ᠴᠢᠩ ᠬᠦᠷᠦᠨ ᠤ ᠦᠶ᠎ᠡ ᠶᠢᠨ ᠮᠤᠩᠭ᠋ᠤᠯ ᠲᠡᠦᠭᠡ ᠰᠤᠳᠤᠯᠭᠠᠨ ᠤ ᠲᠠᠯ᠎ᠠ ᠪᠡᠷ ᠴᠢᠮᠡᠳᠳᠤᠷᠵᠢ ᠫᠷᠦᠹᠧᠰᠰᠤᠷ ᠡᠴᠡ᠄ 《ᠤᠳᠤᠬᠠᠨ ᠳᠤ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠴᠢᠩ ᠤᠯᠤᠰ ᠤᠨ ᠦᠶ᠎ᠡ ᠶᠢᠨ ᠮᠤᠩᠭ᠋ᠤᠯ ᠲᠡᠦᠭᠡ ᠰᠤᠳᠤᠯᠤᠯ ᠮᠠᠰᠢ ᠶᠡᠬᠡ ᠪᠡᠷ ᠬᠦᠭ᠍ᠵᠢᠭᠰᠡᠨ᠂ ᠦᠨᠦᠳᠤᠷ ᠪᠠᠷᠤᠭ ᠲᠤᠮᠳᠠᠳᠤ ᠤᠯᠤᠰ ᠲᠤ ᠬᠠᠮᠤᠭ ᠦᠨᠳᠤᠷ ᠲᠦᠪᠰᠢᠨ ᠳᠤ ᠶᠠᠪᠤᠵᠤ ᠪᠠᠶᠢᠨ᠎ᠠ᠂ ᠡᠨᠡ ᠲᠠᠯ᠎ᠠ ᠪᠡᠷ ᠦᠭᠡᠷ᠎ᠡ ᠰᠤᠳᠤᠯᠤᠭᠴᠢᠳ ᠲᠠᠪᠠᠵᠤ ᠲᠡᠶᠢᠯᠬᠦ ᠦᠭᠡᠢ᠃ ᠡᠨᠡ ᠲᠡᠭᠡᠷ᠎ᠡ ᠮᠠᠨᠵᠤ ᠬᠡᠯᠡᠨ ᠤ ᠠᠴᠢ ᠭᠠᠪᠢᠶ᠎ᠠ ᠶᠡᠬᠡᠲᠡᠢ ᠪᠠᠶᠢᠳᠠᠭ᠃ ᠮᠤᠩᠭ᠋ᠤᠯ᠂ ᠬᠢᠳᠠᠳ ᠬᠡᠯᠡᠨ ᠤ ᠮᠠᠲ᠋ᠧᠷᠢᠶᠠᠯ ᠢ ᠠᠰᠢᠭᠯᠠᠵᠤ ᠴᠢᠳᠠᠬᠤ ᠪᠡᠷ ᠪᠡᠷᠠᠬᠤ ᠦᠭᠡᠢ ᠮᠠᠨᠵᠤ ᠬᠡᠯᠡᠨ ᠤ ᠮᠠᠲ᠋ᠧᠷᠢᠶᠠᠯ ᠢ ᠠᠰᠢᠭᠯᠠᠵᠤ ᠴᠢᠳᠠᠨ᠎ᠠ᠃ ᠡᠨᠡ ᠰᠠᠭᠤᠷᠢᠨ ᠲᠡᠭᠡᠷ᠎ᠡ ᠦᠪᠡᠷ ᠤᠨ ᠲᠠᠪᠠᠭᠤᠯᠢᠭ ᠲᠠᠯ᠎ᠠ ᠪᠡᠨ ᠠᠰᠢᠭᠯᠠᠵᠤ 17-19 ᠳ᠋ᠤᠭᠡᠷ ᠵᠠᠭᠤᠨ ᠤ ᠬᠤᠭᠤᠷᠤᠨᠳᠤᠬᠢ ᠮᠠᠨᠵᠤ ᠮᠤᠩᠭ᠋ᠤᠯ ᠂ ᠮᠠᠨᠵᠤ ᠤᠷᠤᠰ ᠤᠨ ᠬᠠᠷᠢᠴᠠᠭ᠎ᠠ ᠤᠷᠤᠭᠤ ᠰᠤᠳᠤᠯᠭᠠᠨ ᠬᠢᠵᠤ᠂ ᠮᠦᠨ ᠲᠤᠰ ᠰᠤᠳᠤᠯᠭᠠᠨ ᠠᠷᠪᠠ᠂ ᠬᠤᠷᠢ᠂ ᠭᠤᠴᠢᠨ ᠵᠢᠯ ᠤᠨ ᠲᠠᠭᠤ ᠲᠠᠰᠤᠷᠠᠯᠳᠠ ᠦᠭᠡᠢ ᠶᠠᠪᠤᠭᠳᠠᠪᠠᠯ ᠴᠢᠩ ᠤᠯᠤᠰ ᠤᠨ ᠦᠶ᠎ᠡ ᠶᠢᠨ ᠮᠤᠩᠭ᠋᠋ᠤᠯ ᠤᠨ ᠲᠡᠦᠬᠡ ᠶᠢᠨ ᠰᠤᠳᠤᠯᠭᠠᠨ ᠨᠢ ᠵᠦᠪᠬᠡᠨ ᠲᠤᠮᠳᠠᠳᠤ ᠤᠯᠤᠰ ᠲᠤ ᠪᠢᠰᠢ᠂ ᠲᠡᠯᠡᠬᠡᠢ ᠳᠤ ᠴᠤ ᠬᠡᠰᠡᠨ ᠲᠡᠷᠢᠬᠦᠨ ᠪᠠᠶᠢᠷᠢᠨ ᠳᠤ ᠤᠷᠤᠨ᠎ᠠ 》ᠬᠡᠵᠤ ᠢᠲᠡᠭᠡᠯ ᠲᠡᠬᠦᠯᠳᠡᠷ ᠬᠡᠯᠡᠯ᠎ᠡ᠃

    ᠴᠢᠮᠡᠳᠳᠤᠷᠵᠢ ᠫᠷᠦᠹᠧᠰᠰᠤᠷ ᠵᠢᠭᠠᠨ ᠰᠤᠷᠭᠠᠯᠳᠠ ᠶᠢᠨ ᠶᠠᠪᠤᠴᠠ ᠳᠤ ᠤᠯᠠᠨ ᠰᠢᠨ᠎ᠡ ᠰᠤᠳᠤᠯᠭᠠᠨ ᠢ ᠭᠠᠷᠳᠠᠨ ᠬᠢᠵᠤ ᠢᠷᠡᠪᠡ᠃ ᠲᠡᠷᠡ ᠮᠤᠩᠭ᠋ᠤᠯᠴᠤᠳ ᠪᠤᠯᠤᠨ ᠤᠮᠠᠷᠠᠳᠤ ᠶᠢᠨ ᠦᠨᠳᠦᠰᠦᠳᠡᠨ ᠤᠭᠰᠠᠭᠠᠳᠠᠨ ᠤ ᠰᠤᠶᠤᠯ ᠲᠡᠦᠬᠡ  ᠶᠢᠨ ᠤᠯᠠᠷᠢᠵᠤ ᠬᠦᠭ᠍ᠵᠢᠭᠰᠡᠨ ᠶᠠᠪᠤᠴᠠ ᠪᠡᠷ ᠬᠢᠴᠢᠶᠡᠯᠯᠡᠵᠤ ᠪᠠᠶᠢᠭᠰᠠᠨ ᠢᠶᠡᠨ ᠳᠤᠰᠬᠠᠢ ᠰᠤᠳᠤᠯᠭᠠᠨ ᠤ ᠴᠢᠭᠯᠡᠯ ᠢᠶᠡᠷ ᠠᠵᠢᠯᠯᠠᠵᠤ ᠡᠬᠢᠯᠡᠭᠰᠡᠨ ᠪᠠᠶᠢᠨ᠎ᠠ᠃ ᠴᠢᠮᠡᠳᠳᠤᠷᠵᠢ ᠫᠷᠦᠹᠧᠰᠰᠤᠷ ᠪᠠᠰᠠ ᠲᠤᠰᠬᠠᠢ ᠮᠡᠷᠭᠡᠵᠢᠯ ᠤᠨ ᠤᠶᠤᠳᠠᠳ ᠢ ᠲᠤᠭ᠎ᠠ ᠦᠭᠡᠢ ᠤᠯᠠᠨ ᠬᠦᠮᠦᠵᠢᠬᠦᠯᠵᠡᠢ᠃ ᠡᠬᠦᠨ ᠳᠤ ᠮᠤᠩᠭ᠋ᠤᠯ ᠤᠯᠤᠰ ᠤᠨ 4 ᠳ᠋ᠤᠺᠲ᠋ᠤᠷ ᠪᠠᠭᠳᠠᠨ᠎ᠠ᠃ ᠳᠡᠷᠡᠪᠡᠷ ᠮᠤᠩᠭ᠋ᠤᠯ ᠤᠯᠤᠰ ᠤᠨ ᠤᠶᠤᠳᠠᠳ ᠲᠤ ᠤᠶᠢᠭᠤᠷᠵᠢᠨ ᠮᠤᠩᠭ᠋ᠤᠯ ᠦᠰᠦᠭ ᠢᠶᠡᠷ ᠪᠢᠴᠢᠭᠳᠡᠭᠰᠡᠨ ᠰᠤᠷᠪᠤᠯᠵᠢ ᠪᠢᠴᠢᠭ᠌ ᠤᠳ ᠢ ᠤᠩᠰᠢᠭᠤᠯᠵᠤ᠂ ᠪᠠᠰᠠ ᠲᠡᠳᠡᠨᠠᠷ ᠲᠠᠢ ᠬᠠᠮᠳᠤᠪᠠᠷ ᠺᠢᠷᠢᠯ ᠪᠢᠴᠢᠭ᠌ ᠳᠡᠬᠡᠷ᠎ᠡ ᠪᠠᠭᠤᠯᠭᠠᠨ ᠵᠢᠯ ᠳᠤ ᠨᠢᠬᠡ ᠲᠤᠪᠬᠢᠮᠠᠯ ᠨᠠᠶᠢᠷᠠᠭᠤᠯᠤᠭᠠᠳ ᠬᠡᠪᠯᠡᠯ ᠳᠤ ᠦᠭᠳᠡᠭ᠃ ᠡᠬᠦᠨ ᠢᠶᠡᠷ ᠲᠠᠮᠵᠢᠭᠤᠯᠵᠤ ᠣᠶᠢᠭᠤᠷᠵᠢᠨ ᠮᠤᠩᠭ᠋ᠤᠯ ᠰᠤᠳᠤᠯᠤᠯ ᠤᠨ ᠪᠦᠲᠦᠭᠡᠯ ᠢᠶᠡᠨ ᠮᠤᠩᠭ᠋ᠤᠯ ᠤᠯᠤᠰ ᠤᠨ ᠡᠷᠳᠡᠮᠳᠡᠳ ᠲᠤ ᠲᠠᠨᠢᠯᠴᠠᠭᠤᠯᠬᠤ ᠶᠢᠨ ᠲᠠᠭᠠᠤ ᠮᠤᠩᠭ᠋ᠤᠯ ᠰᠤᠳᠤᠯᠤᠯ ᠤᠨ ᠢᠶᠡᠨ ᠲᠦᠪᠰᠢᠨ ᠢ ᠬᠠᠷᠢ ᠭᠠᠳᠠᠭᠠᠳᠤ ᠶᠢᠨ ᠡᠷᠳᠡᠮᠳᠡᠨ ᠮᠡᠷᠬᠡᠳ ᠲᠤ ᠮᠡᠳᠡᠷᠡᠬᠦᠯᠵᠤ ᠪᠠᠶᠢᠳᠠᠭ᠃ ᠴᠢᠮᠡᠳᠳᠤᠷᠵᠢ ᠫᠷᠦᠹᠧᠰᠰᠤᠷ ᠬᠡᠯᠡᠬᠦ ᠳᠡᠬᠡᠨ᠄《 ᠬᠡᠷᠪᠡ ᠡᠳᠡᠬᠡᠷ ᠬᠦᠮᠦᠰ ᠤᠶᠢᠭᠤᠷᠵᠢᠨ ᠮᠤᠩᠭ᠋ᠤᠯ ᠢᠶᠡᠨ ᠰᠠᠶᠢᠨ ᠰᠤᠷᠴᠢᠬᠠᠪᠠᠯ᠂ ᠮᠤᠩᠭ᠋ᠤᠯ ᠤᠯᠤᠰ ᠤᠨ ᠤᠶᠢᠭᠤᠷᠵᠢᠨ ᠮᠤᠩᠭ᠋ᠤᠯ ᠦᠰᠦᠭ ᠢᠶᠡᠨ ᠰᠡᠷᠬᠦᠬᠡᠬᠦ ᠳᠤ ᠭᠤᠤᠯᠯᠠᠭᠴᠢ ᠦᠢᠯᠡᠳᠤᠯ ᠬᠦᠢᠴᠡᠳᠬᠡᠵᠤ ᠪᠤᠯᠤᠨ᠎ᠠ 》ᠬᠡᠵᠤ ᠪᠠᠶᠢᠯ᠎ᠠ᠃

    ᠴᠢᠮᠡᠳᠳᠤᠷᠵᠢ ᠫᠷᠦᠹᠧᠰᠰᠤᠷ ᠨᠢᠬᠡ ᠰᠡᠳᠬᠢᠯ ᠨᠢᠬᠡ ᠵᠤᠷᠢᠭ ᠢᠶᠡᠷ ᠮᠤᠩᠭ᠋ᠤᠯ ᠰᠤᠳᠤᠯᠤᠯ ᠤᠨ ᠠᠵᠢᠯ ᠳᠤ ᠰᠢᠭᠤᠷᠬᠠᠶᠢᠯᠠᠵᠤ᠂ ᠡᠨᠡ ᠰᠠᠯᠪᠤᠷᠢ ᠶᠢᠨ ᠴᠢᠳᠠᠪᠤᠷᠢᠳᠠᠨ ᠢ ᠤᠯᠠᠮ ᠤᠯᠠᠨ ᠬᠦᠮᠦᠵᠢᠬᠦᠯᠬᠦ ᠶᠢ ᠵᠤᠷᠢᠵᠤ᠂ ᠨᠡᠶᠢᠬᠡᠮ ᠳᠤ ᠪᠡᠶᠡᠴᠢᠯᠡᠨ ᠤᠷᠤᠯᠴᠠᠵᠤ᠂ ᠮᠤᠩᠭ᠋ᠤᠯ ᠰᠤᠳᠤᠯᠤᠯ ᠤᠨ ᠰᠤᠳᠤᠯᠭᠠᠨ ᠤ ᠪᠦᠬᠦ ᠬᠦᠷᠢᠶ᠎ᠡ ᠬᠡᠪᠴᠢᠶᠡᠨ ᠳᠤ ᠤᠯᠠᠮ ᠶᠡᠬᠡ ᠠᠮᠵᠢᠯᠳᠠ ᠪᠦᠳᠦᠮᠵᠢ ᠭᠠᠷᠭᠠᠬᠤ ᠪᠡᠷ ᠬᠦᠴᠦᠨ ᠵᠢᠳᠬᠦᠵᠤ ᠶᠠᠪᠤᠨ᠎ᠠ᠃

    ᠳᠡᠷᠡᠪᠡᠷ ᠮᠤᠩᠭ᠋ᠤᠯ ᠵᠠᠯᠠᠭᠤᠴᠤᠳ ᠲᠤ ᠪᠡᠨ ᠬᠠᠨᠳᠤᠨ᠄《 ᠮᠠᠨ ᠤ ᠮᠤᠩᠭ᠋ᠤᠯ ᠵᠠᠯᠠᠭᠤᠴᠤᠳ ᠰᠢᠨ᠎ᠡ ᠡᠷᠢᠨ ᠳᠤ ᠰᠢᠨ᠎ᠡ ᠵᠠᠮᠨᠠᠯ ᠢᠶᠡᠨ ᠤᠯᠵᠤ᠂ ᠦᠨᠳᠦᠰᠦᠳᠡᠨ ᠤ ᠲᠦᠯᠦᠬᠡ ᠬᠡᠳᠡᠭ ᠤᠬᠠᠮᠰᠠᠷ ᠪᠠ ᠬᠠᠷᠢᠭᠤᠴᠠᠯᠭ᠎ᠠ ᠲᠠᠢ ᠪᠠᠶᠢᠬᠤ ᠬᠡᠷᠡᠭᠲᠡᠢ᠃ ᠮᠤᠩᠭ᠋ᠤᠯ ᠰᠤᠷᠭᠠᠨ ᠬᠦᠮᠦᠵᠢᠯ ᠤᠨ ᠰᠢᠰᠲ᠋ᠧᠮ ᠤᠨ ᠴᠢᠬᠤᠯᠠ ᠡᠬᠦᠷᠭᠡ ᠴᠢᠳᠠᠪᠬᠢ ᠶᠢ ᠪᠠᠳᠠᠷᠠᠭᠤᠯᠵᠤ᠂ ᠮᠤᠩᠭ᠋ᠤᠯ ᠢᠶᠡᠷ ᠢᠶᠡᠨ ᠪᠢᠴᠢᠭ᠌ ᠦᠵᠡᠬᠦ ᠬᠡᠷᠡᠭᠲᠡᠢ᠃ ᠦᠨᠳᠦᠰᠦᠳᠡᠨ ᠤ ᠪᠡᠨ ᠬᠤᠶᠢᠴᠢᠰ ᠤᠨ ᠳᠦᠯᠦᠬᠡ ᠤᠯᠠᠨ ᠠᠵᠢᠯ ᠤᠳ ᠢ ᠡᠬᠦᠷᠬᠡᠯᠡᠵᠤ ᠬᠢᠬᠦ ᠶᠤᠰᠤᠳᠠᠢ》ᠬᠡᠰᠡᠨ ᠪᠢᠯᠡ᠃

    ᠨᠠᠮᠳᠠᠷ᠄ ᠴᠢᠮᠡᠳᠳᠤᠷᠵᠢ᠂ ᠮᠤᠩᠭ᠋᠋ᠤᠯ ᠦᠨᠳᠦᠰᠦᠳᠡᠨ᠂ ᠦᠪᠦᠷ ᠮᠤᠩᠭ᠋ᠤᠯ ᠤᠨ ᠪᠠᠶᠠᠨᠨᠠᠭᠤᠷ ᠠᠶᠢᠮᠠᠭ ᠤᠨ ᠤᠷᠠᠳ ᠤᠨ ᠡᠮᠦᠨᠡᠳᠤ ᠬᠤᠰᠢᠭᠤ ᠪᠡᠷ ᠨᠤᠳᠤᠭᠳᠠᠢ᠃ 1981 ᠤᠨ ᠳᠤ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠮᠤᠩᠭ᠋ᠤᠯ ᠳᠡᠤᠬᠡ ᠰᠤᠳᠤᠯᠬᠤ ᠭᠠᠵᠠᠷ ᠤᠨ ᠦᠨᠳᠦᠰᠦᠳᠡᠨ ᠤ ᠡᠷᠳᠡᠨ ᠤ ᠦᠰᠦᠭ᠌ ᠪᠢᠴᠢᠭ᠌ ᠤᠨ ᠮᠡᠷᠬᠡᠵᠢᠯ ᠢᠶᠡᠷ ᠮᠠᠬᠢᠰᠲ᠋ᠷ ᠳᠡᠬᠦᠰᠴᠤ᠂ 1981-1989 ᠤᠨ ᠤ ᠬᠤᠭᠤᠷᠤᠨᠳᠤ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠮᠤᠩᠭ᠋ᠤᠯ ᠳᠡᠤᠬᠡ ᠰᠤᠳᠤᠯᠬᠤ ᠭᠠᠵᠠᠷ᠂ᠭ᠍ᠧᠷᠮᠠᠨ ᠤ ᠪᠤᠨ ᠶᠡᠬᠡ ᠰᠤᠷᠭᠠᠭᠤᠯᠢ ᠶᠢᠨ ᠳᠤᠮᠳᠠᠳᠤ ᠠᠽᠢᠶ᠎ᠠ ᠶᠢᠨ ᠦᠬᠡ ᠬᠡᠯᠡ ᠰᠤᠶᠤᠯ ᠰᠤᠳᠤᠯᠭᠠᠨ ᠤ ᠭᠠᠵᠠᠷ ᠯᠸᠺᠲ᠋ᠤᠷ ᠢᠶᠡᠷ ᠠᠵᠢᠯᠯᠠᠵᠤ ᠪᠠᠶᠢᠬᠤ ᠳᠠᠭᠠᠨ ᠳᠤᠰ ᠰᠤᠷᠭᠠᠭᠤᠯᠢ ᠳᠤ ᠳ᠋ᠤᠺᠲ᠋ᠤᠷ ᠴᠤᠯᠠ ᠬᠠᠮᠠᠭᠠᠯᠠᠭᠰᠠᠨ ᠪᠠᠶᠢᠨ᠎ᠠ᠃ ᠤᠳᠤ ᠪᠡᠷ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠮᠤᠩ᠋ᠭᠤᠯ ᠰᠤᠳᠤᠯᠤᠯ ᠤᠨ ᠲᠦᠪ ᠤᠨ ᠵᠠᠬᠢᠷᠤᠯ᠂ ᠫᠷᠤᠹᠧᠰᠰᠤᠷ᠂ ᠳ᠋᠋ᠤᠺᠲ᠋ᠷᠠᠨᠲ ᠤᠨ ᠵᠢᠯᠤᠭᠣᠳᠤᠭᠴᠢ ᠪᠠᠭᠰᠢ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120691117376603