蒙古文网站Logo
ᠰᠢᠨᠬᠤᠸᠠ ᠮᠤᠩᠭ᠋ᠤᠯ ᠨᠧᠲ

ᠮᠤᠩᠭ᠋ᠤᠯ  ᠤᠨ ᠠᠯᠳᠠᠷᠳᠠᠳ ᠤᠨ ᠨᠠᠮᠳᠠᠷ ᠢ ᠪᠢᠴᠢᠭᠯᠡᠵᠤ ᠲᠦᠷᠢ ᠶᠢ ᠨᠢ ᠱᠤᠭᠤᠨ ᠶᠠᠭᠠᠷᠠᠵᠤ ᠶᠠᠪᠤᠵᠤ ᠪᠠᠶᠢᠭ᠎ᠠ ᠪᠠᠶᠠᠷ

2016-01-15 16:51

    ᠪᠠᠶᠠᠷ ᠤᠨ ᠪᠦᠲᠦᠬᠡᠯ 《 ᠮᠤᠩᠭ᠋ᠤᠯᠴᠤᠳ》 ᠬᠡᠬᠦ ᠨᠤᠮ ᠨᠢ ᠵᠢᠷᠤᠭ ᠪᠠ ᠨᠠᠮᠳᠠᠷ ᠤᠨ ᠬᠡᠯᠪᠡᠷᠢ ᠪᠡᠷ ᠤᠳᠤ ᠦᠶ᠎ᠡ ᠶᠢᠨ ᠮᠤᠩᠭ᠋ᠤᠯ ᠦᠨᠳᠦᠰᠦᠲᠡᠨ ᠤ ᠡᠯ᠎ᠡ ᠬᠦᠷᠢᠶᠡᠨ ᠳᠡᠬᠢ ᠬᠦᠮᠦᠰ ᠢ ᠠᠩᠬᠢᠯᠠᠨ ᠲᠠᠨᠢᠯᠴᠠᠭᠤᠯᠵᠠᠢ᠃ 2015 ᠤᠨ ᠤ 12 ᠰᠠᠷ᠎ᠠ ᠶᠢᠨ 30 ᠤ ᠡᠳᠤᠷ ᠲᠤᠮᠳᠠᠳᠤ ᠤᠯᠤᠰ ᠤᠨ ᠦᠨᠳᠦᠰᠤᠲᠡᠨ ᠤ ᠵᠢᠷᠤᠭ ᠤᠷᠠᠯᠢᠭ ᠤᠨ ᠬᠡᠪᠯᠡᠯ ᠤᠨ ᠬᠤᠷᠢᠶᠠᠨ ᠡᠴᠡ ᠬᠡᠪᠯᠡᠬᠦᠯᠪᠡ᠃

    ᠲᠤᠰ ᠨᠤᠮ ᠳᠤ᠂ ᠤᠯᠠᠭᠠᠨᠬᠦᠦ᠂ ᠪᠦᠬᠡ᠂ ᠪᠠᠳᠤᠪᠠᠭᠠᠨ᠎ᠠ᠂ ᠴᠤᠯᠮᠤᠨ᠂ ᠲᠦᠮᠡᠨ᠂ ᠴᠢᠶᠠᠨ ᠹᠧᠨ ᠶᠦ᠋ᠩ᠂ ᠹᠦ᠋ ᠶᠢᠩ ᠵᠡᠷᠬᠡ ᠨᠠᠮ ᠵᠠᠰᠠᠭ ᠴᠡᠷᠢᠭ  ᠤᠨ ᠬᠦᠮᠦᠰ᠂ ᠯᠢ ᠯᠢᠨ ᠂ ᠰᠢᠭᠤᠷᠭᠠᠨ᠂ ᠰᠦᠷᠦᠩᠵᠠᠪ᠂ ᠯᠢᠦ ᠵᠢᠨ ᠰᠦᠧᠧ᠂ ᠴᠡᠩᠬᠡᠯᠲᠡᠢ᠂ ᠪᠠᠶᠠᠷ᠂ ᠬᠤᠸᠨ ᠵᠢᠩ ᠲᠤᠤ᠂ ᠨᠠᠷᠠᠨᠪᠢᠯᠢᠭ᠌ ᠵᠡᠷᠬᠡ ᠰᠢᠨᠵᠢᠯᠡᠬᠦ ᠤᠬᠠᠭᠠᠨ ᠲᠧᠭᠨᠤᠯᠤᠬᠢ ᠶᠢᠨ ᠬᠦᠮᠦᠰ᠂ ᠤᠯᠠᠭᠠᠨ ᠬᠡᠬᠡᠨ᠂ ᠲᠦᠪᠳᠡᠨ ᠪᠠᠭᠰᠢᠳᠠᠨ᠂ ᠴᠢᠯᠠᠭᠤᠨ᠂ ᠴᠢ ᠱᠦ ᠮᠢᠨ᠂ ᠳ᠋ᠢᠩ ᠰᠢᠨ ᠮᠢᠨ ᠵᠡᠷᠬᠡ ᠡᠯ᠎ᠡ ᠡᠳᠡᠭᠡᠳ ᠤᠨ ᠬᠦᠮᠦᠰ᠂ ᠾᠧᠦ ᠢ ᠮᠢᠨ᠂ ᠠ‍• ᠤᠳᠼᠠᠷ᠂ ᠪ‍•ᠪᠦᠷᠢᠨᠪᠡᠬᠢ᠂ ᠲᠦᠮᠦᠰᠤ᠂ ᠰᠡᠴᠡᠩᠭ᠋ᠤᠤ᠎ᠠ᠂ ᠮᠠᠯᠴᠢᠨᠬᠦᠦ᠂ ᠨᠢᠦ ᠬᠠᠨ᠂ ᠰᠢᠶᠤᠤ ᠴᠢᠶᠠᠨ᠂ ᠾᠧ ᠶᠠᠨ ᠮᠢᠨ᠂ ᠴᠤᠭ᠂ ᠲᠡᠭᠷᠢ᠂ ᠤᠯᠠᠭᠠᠨᠲᠤᠭ᠂ ᠨᠠᠷᠠᠨᠬᠡᠷᠡᠯ᠂ ᠨᠠᠷᠠᠰᠤ ᠵᠡᠷᠬᠡ ᠤᠷᠠᠯᠢᠭᠴᠢᠳ ᠨᠡᠶᠢᠲᠡ 140 ᠬᠦᠮᠦᠨ ᠢ ᠪᠠᠭᠳᠠᠭᠠᠪᠠ᠃

    ᠪᠠᠶᠠᠷ᠂ 《 ᠦᠨᠳᠦᠰᠦᠲᠡᠨ ᠪ ᠵᠢᠷᠤᠭᠳᠤ ᠰᠡᠳᠬᠦᠯ 》 ᠤᠨ ᠲᠡᠭᠡᠳᠤ ᠲᠡᠰ ᠤᠨ ᠰᠤᠷᠪᠤᠯᠵᠢᠯᠠᠭᠴᠢ᠂ ᠮᠤᠩᠭ᠋ᠤᠯ ᠬᠡᠪᠯᠡᠯ ᠤᠨ ᠨᠠᠶᠢᠷᠠᠭᠤᠯᠬᠤ ᠬᠡᠯᠳᠡᠰ ᠤᠨ ᠡᠷᠬᠢᠯᠡᠭᠴᠢ᠂ 《 ᠮᠤᠩᠭ᠋ᠤᠯᠴᠤᠳ 》 ᠪᠤᠯ ᠲᠡᠬᠦᠨ ᠤ 2015 ᠤᠨ ᠳᠤ ᠬᠡᠪᠯᠡᠬᠦᠯᠦᠭᠰᠡᠨ ᠭᠤᠷᠪᠠᠳᠡᠬᠢ ᠨᠤᠮ᠂ 《 ᠮᠤᠩᠭ᠋ᠤᠯ ᠤᠨ ᠲᠤᠶᠢᠮᠦ ᠲᠦᠯᠦᠪ - ᠤᠳᠤ ᠦᠶ᠎ᠡ ᠶᠢᠨ ᠨᠡᠷᠡᠳᠤ ᠬᠦᠮᠦᠰ ᠤᠨ ᠪᠤᠳᠢ 》(ᠨᠢᠬᠡᠨᠳᠡ 1-4 ᠪᠤᠳᠢ ᠶᠢ ᠬᠡᠪᠯᠡᠬᠦᠯᠪᠡ) ᠴᠤᠪᠤᠷᠠᠯ ᠪᠢᠴᠢᠭ᠌ ᠤᠨ ᠪᠠᠰᠠ ᠨᠢᠬᠡᠨ ᠬᠡᠯᠪᠡᠷᠢ᠂ ᠲᠤᠮᠳᠠᠳᠤ ᠤᠯᠤᠰ ᠤᠨ ᠵᠢᠷᠤᠭᠳᠤ ᠰᠡᠳᠬᠦᠯ ᠤᠨ ᠨᠡᠶᠢᠬᠡᠮᠯᠢᠭ᠌ ᠪᠠ ᠰᠢ ᠶᠤᠧᠠᠨ ᠵᠢᠷᠤᠭᠯᠠᠬᠤ ᠰᠠᠭᠤᠷᠢ ᠮᠦᠩᠬᠦ ᠶᠢᠨ ᠨᠡᠶᠢᠬᠡᠮᠯᠢᠭ᠌ ᠬᠠᠮᠳᠤᠷᠠᠨ᠂ ᠲᠤᠭᠳᠠᠬᠤ ᠡᠷᠬᠢᠯᠡᠨ ᠨᠠᠶᠢᠷᠠᠭᠤᠯᠤᠭᠰᠠᠨ《 ᠲᠤᠮᠳᠠᠳᠤ ᠤᠯᠤᠰ ᠤᠨ ᠪᠠᠷᠢᠮᠳᠠᠳᠤ ᠬᠡᠷᠡᠯ ᠵᠢᠷᠤᠭᠴᠢᠳ ᠤᠨ ᠪᠦᠲᠦᠬᠡᠯ ᠤᠨ ᠲᠡᠬᠦᠪᠦᠷᠢ 》 ᠬᠡᠬᠦ ᠨᠤᠮ ᠤᠨ ᠨᠢᠬᠡ ᠪᠤᠯᠤᠨ᠎ᠠ᠃ ᠲᠤᠰ ᠨᠤᠮ ᠨᠢ ᠦᠨᠳᠦᠰᠦᠳᠡᠨ ᠤ ᠰᠤᠶᠤᠯ ᠪᠠ ᠨᠡᠶᠢᠬᠡᠮ ᠠᠬᠤᠢ ᠶᠢᠨ ᠬᠤᠪᠢᠷᠠᠯᠳᠠ ᠬᠦᠭ᠍ᠵᠢᠯᠳᠡ ᠶᠢ ᠵᠢᠷᠤᠭᠯᠠᠨ ᠲᠡᠮᠳᠡᠭᠯᠡᠭᠰᠡᠨ ᠢᠶᠡᠷ ᠢᠶᠡᠨ ᠰᠤᠨᠢᠨ ᠮᠡᠳᠡᠬᠡ ᠪᠠ ᠬᠡᠷᠡᠯ ᠵᠢᠷᠤᠭ ᠤᠨ ᠬᠦᠷᠢᠶ᠎ᠡ ᠴᠠᠷᠠᠭ᠎ᠠ᠂ ᠦᠨᠳᠦᠰᠦᠲᠡᠨ ᠤ ᠰᠤᠳᠤᠯᠭᠠᠨ ᠤ ᠬᠦᠷᠢᠶᠡᠨ ᠳᠤ ᠨᠡᠯᠢᠶᠡᠳ ᠰᠠᠶᠢᠨ ᠯᠠᠪᠯᠠᠯᠳᠠ ᠶᠢᠨ ᠦᠨ᠎ᠡ ᠦᠷᠳᠡᠭ ᠲᠠᠢ ᠶᠤᠮ᠃

    ᠲᠤᠰ ᠨᠤᠮ ᠳᠡᠬᠢ ᠵᠢᠷᠤᠭ ᠢ 1981 – 2015 ᠤᠨ ᠤ ᠬᠤᠭᠤᠷᠤᠨᠳᠤ ᠵᠢᠷᠤᠭᠯᠠᠵᠠᠢ᠃

ᠤᠯᠠᠭᠠᠨᠬᠦᠦ (1906-1988)᠂ ᠤᠤᠯ ᠨᠡᠷ᠎ᠡ ᠨᠢ ᠶᠦᠨ ᠽᠧ᠂ ᠶᠦᠨ ᠱᠢ ᠢᠦᠢ᠃ ᠦᠪᠦᠷ ᠮᠤᠩᠭ᠋ᠤᠯ ᠤᠨ ᠲᠦᠮᠡᠳ ᠵᠡᠬᠦᠨ ᠬᠤᠰᠢᠭᠤᠨ ᠤ ᠬᠦᠮᠦᠨ᠃ 1925 ᠤᠨ ᠳᠤ ᠲᠤᠮᠳᠠᠳᠤ ᠤᠯᠤᠰ ᠤᠨ ᠡᠪ ᠬᠠᠮᠳᠤ ᠨᠠᠮ ᠳᠤ ᠤᠷᠤᠵᠠᠢ᠃ 1947 ᠤᠨ ᠤ 5 ᠰᠠᠷ᠎ᠠ ᠳᠤ ᠦᠪᠦᠷ ᠮᠤᠩᠭ᠋ᠤᠯ ᠤᠨ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠲᠡᠷᠢᠬᠦᠯᠡᠭᠴᠢ ᠪᠡᠷ ᠰᠤᠩᠭ᠋ᠤᠭᠳᠠᠵᠠᠢ᠃ 1955 ᠤᠨ ᠳᠤ ᠬᠤᠷᠠᠩᠳᠠ ᠭ᠍ᠧᠨᠧᠷᠡᠯ ᠴᠡᠷᠢᠭ ᠤᠨ ᠴᠤᠯᠠ ᠤᠯᠵᠠᠢ᠃ 《 ᠪᠦᠬᠦᠲᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠦᠨᠳᠦᠰᠦᠲᠡᠨ ᠤ ᠤᠷᠤᠨ ᠨᠤᠳᠤᠭ ᠤᠨ ᠦᠪᠡᠷᠳᠡᠭᠡᠨ ᠵᠠᠰᠠᠬᠤ ᠬᠠᠤᠯᠢ》 ᠶᠢ ᠡᠷᠬᠢᠯᠡᠨ ᠲᠤᠭᠤᠷᠪᠢᠵᠠᠢ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120691117759426