蒙古文网站Logo
ᠰᠢᠨᠬᠤᠸᠠ ᠮᠤᠩᠭ᠋ᠤᠯ ᠨᠧᠲ

ᠠᠯᠳᠠᠷᠳᠤ ᠵᠢᠷᠤᠭᠠᠴᠢᠨ ᠦᠷᠴᠠᠶᠢᠬᠤ

2016-05-14 19:19

    ᠦᠷᠴᠠᠶᠢᠬᠤ᠂ ᠡᠷᠡᠭᠲᠡᠢ᠂ ᠮᠤᠨᠭᠭᠤᠯ ᠦᠨᠳᠦᠰᠦᠲᠡᠨ᠂ ᠳ᠋ᠤᠺᠲ᠋ᠤᠷ᠃1969 ᠤᠨ ᠤ 4 ᠰᠠᠷ᠎ᠠ ᠳᠤ ᠦᠪᠦᠷ ᠮᠤᠨᠭᠭᠤᠯ ᠤᠨ ᠨᠠᠶᠢᠮᠠᠨ ᠬᠤᠰᠢᠭᠤᠨ ᠤ ᠰᠢᠷ᠎ᠠ ᠬᠤᠭᠤᠯᠠᠢ ᠰᠤᠮᠤ ᠳᠤ ᠲᠦᠷᠦᠵᠡᠢ᠃ ᠤᠳᠤ ᠦᠪᠦᠷ ᠮᠤᠨᠭᠭᠤᠯ ᠤᠨ ᠪᠠᠬᠰᠢ ᠶᠢᠨ ᠶᠡᠬᠡ ᠰᠤᠷᠭᠠᠭᠤᠯᠢ ᠶᠢᠨ ᠱᠤᠭᠤᠮᠠᠯ ᠤᠷᠠᠯᠢᠬ ᠤᠨ ᠰᠤᠳᠤᠯᠭᠠᠨ ᠤ ᠬᠦᠷᠢᠶᠡᠯᠡᠩ ᠤᠨ ᠳᠡᠳ᠋ ᠳᠠᠷᠤᠭ᠎ᠠ᠂ ᠮᠠᠭᠢᠰᠲ᠋ᠧᠷ ᠤᠨ ᠵᠢᠯᠤᠭᠤᠳᠤᠬᠴᠢ ᠪᠠᠬᠰᠢ ᠪᠡᠷ ᠠᠵᠢᠯᠯᠠᠵᠦ ᠪᠤᠢ᠃

    ᠲᠦᠪ ᠤᠨ ᠤᠷᠠᠨ ᠵᠢᠷᠤᠬ ᠤᠨ ᠳᠡᠭᠡᠳᠤ ᠰᠤᠷᠭᠠᠭᠤᠯᠢ ᠶᠢᠨ ᠲᠤᠷᠭᠠᠨ ᠤ ᠵᠠᠮ ᠤᠨ ᠤᠷᠠᠯᠢᠬ ᠰᠤᠳᠤᠯᠤᠯ ᠤᠨ ᠡᠭᠦᠳᠦᠯᠲᠡ ᠲᠠᠢ ᠬᠠᠮᠲᠤᠷᠠᠯᠴᠠᠭᠠᠨ ᠤ ᠲᠦᠪ ᠤᠨ ᠳᠡᠳ᠋ ᠨᠠᠷᠢᠨ ᠪᠢᠴᠢᠭ᠌ ᠤᠨ ᠳᠠᠷᠤᠭ᠎ᠠ᠂ ᠦᠪᠦᠷ ᠮᠤᠨᠭᠭᠤᠯ ᠤᠨ ᠵᠠᠯᠠᠭᠤᠴᠤᠳ ᠤᠨ ᠬᠤᠯᠪᠤᠭᠠᠨ ᠤ ᠳᠡᠳ᠋ ᠲᠡᠷᠢᠭᠦᠯᠡᠭ᠍ᠴᠢ᠂ ᠦᠪᠦᠷ ᠮᠤᠨᠭᠭᠤᠯ ᠤᠨ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ᠂ ᠳᠤᠮᠳᠠᠳᠤ ᠤᠯᠤᠰ ᠤᠨ ᠤᠷᠠᠯᠢᠬ ᠰᠤᠳᠤᠯᠤᠯ ᠤᠨ ᠬᠦᠷᠢᠶᠡᠯᠡᠩ ᠤᠨ ᠪᠠᠷ ᠵᠢᠷᠤᠬ ᠤᠨ ᠬᠦᠷᠢᠶᠡᠯᠡᠩ ᠤᠨ ᠰᠤᠳᠤᠯᠤᠭᠠᠴᠢ᠂ ᠳᠤᠮᠳᠠᠳᠤ ᠤᠯᠤᠰ ᠤᠨ ᠴᠦᠭᠡᠨ ᠲᠤᠭᠠᠲᠤ ᠦᠨᠳᠦᠰᠦᠲᠡᠨ ᠤ ᠤᠷᠠᠨ ᠵᠢᠷᠤᠬ ᠢ ᠠᠬᠢᠭᠤᠯᠬᠤ ᠬᠤᠷᠠᠯ ᠤᠨ ᠡᠷᠬᠢᠯᠡᠭ᠍ᠴᠢ᠂ ᠮᠤᠨᠭᠭᠤᠯ ᠤᠯᠤᠰ ᠤᠨ ᠦᠨᠳᠦᠰᠦᠨ ᠤ ᠤᠷᠠᠨ ᠵᠢᠷᠤᠬ ᠤᠨ ᠭᠠᠯᠧᠷᠧᠢ (Mongolia National Gallery) ᠶ᠋ᠢᠨ ᠵᠦᠪᠯᠡᠭ᠍ᠴᠢ ᠵᠡᠷᠭᠡ ᠲᠤᠰᠢᠶᠠᠯ ᠤᠳ ᠢ ᠬᠠᠷᠢᠭᠤᠴᠠᠵᠦ ᠪᠤᠢ᠃

    ᠦᠷᠴᠠᠶᠢᠬᠤ 1994 ᠤᠨ ᠳᠤ ᠦᠪᠦᠷ ᠮᠤᠨᠭᠭᠤᠯ ᠤᠨ ᠪᠠᠬᠰᠢ ᠶᠢᠨ ᠶᠡᠬᠡ ᠰᠤᠷᠭᠠᠭᠤᠯᠢ ᠶᠢᠨ ᠤᠷᠠᠨ ᠵᠢᠷᠤᠬ ᠤᠨ ᠰᠠᠯᠪᠤᠷᠢ ᠡᠴᠡ ᠦᠨᠳᠦᠷ ᠪᠦᠲᠦᠮᠵᠢ ᠪᠡᠷ ᠰᠤᠷᠤᠯᠭ᠎ᠠ ᠪᠠᠨ ᠲᠡᠭᠦᠰᠭᠡᠵᠦ᠂ ᠰᠤᠷᠭᠠᠭᠤᠯᠢ ᠳᠠᠭᠠᠨ ᠦᠯᠡᠳᠡᠵᠦ ᠪᠠᠬᠰᠢᠯᠠᠵᠠᠢ᠃ ᠤᠷᠢᠳ ᠬᠤᠵᠢᠳ ᠲᠦᠪ ᠤᠨ ᠤᠷᠠᠨ ᠵᠢᠷᠤᠬ ᠤᠨ ᠳᠡᠭᠡᠳᠤ ᠰᠤᠷᠭᠠᠭᠤᠯᠢ᠂ ᠫᠠᠷᠢᠰ ᠤᠨ ᠤᠯᠠᠨ ᠤᠯᠤᠰ ᠤᠨ ᠤᠷᠠᠯᠢᠬ ᠤᠨ ᠬᠤᠲᠠ ᠵᠡᠷᠭᠡ ᠳᠤ ᠬᠦᠷᠴᠦ ᠰᠤᠷᠤᠯᠴᠠᠨ᠂ 2009 ᠤᠨ ᠡᠴᠡ 2015 ᠤᠨ ᠤ ᠬᠤᠭᠤᠷᠤᠨᠳᠤ ᠲᠦᠪ ᠤᠨ ᠤᠷᠠᠨ ᠵᠢᠷᠤᠬ ᠤᠨ ᠳᠡᠭᠡᠳᠤ ᠰᠤᠷᠭᠠᠭᠤᠯᠢ ᠳᠤ ᠰᠤᠷᠤᠯᠴᠠᠵᠦ᠂ ᠳ᠋ᠤᠺᠲ᠋ᠤᠷ ᠴᠤᠯᠠ ᠬᠠᠮᠠᠭᠠᠯᠠᠬᠰᠠᠨ ᠪᠠᠶᠢᠨ᠎ᠠ᠃

    ᠲᠡᠷᠡᠪᠡᠷ ᠰᠤᠶᠤᠯ ᠤᠨ ᠶᠠᠮᠤᠨ ᠤ《ᠮᠤᠨᠭᠭᠤᠯ ᠦᠨᠳᠦᠰᠦᠲᠡᠨ ᠤ ᠪᠤᠷᠬᠠᠨ ᠱᠠᠰᠢᠨ ᠤ ᠪᠠᠷ ᠵᠢᠷᠤᠬ ᠤᠨ ᠲᠦᠷᠰᠦ ᠰᠤᠳᠤᠯᠤᠯ》᠂ ᠰᠤᠷᠭᠠᠨ ᠬᠦᠮᠦᠵᠢᠯ ᠤᠨ ᠶᠠᠮᠤᠨ ᠤ 《ᠰᠤᠷᠭᠠᠭᠤᠯᠢ ᠶᠢᠨ ᠦᠨᠳᠦᠰᠦᠲᠡᠨ ᠤ ᠰᠤᠶᠤᠯ ᠤᠯᠠᠮᠵᠢᠯᠠᠯ ᠤᠨ ᠰᠤᠳᠤᠯᠤᠯ—ᠵᠢᠷᠢᠮ ᠠᠶᠢᠮᠠᠬ ᠤᠨ ᠪᠠᠷ ᠵᠢᠷᠤᠬ ᠢᠶᠡᠷ ᠵᠢᠱᠢᠶᠡᠯᠡᠬᠦ ᠨᠢ》᠂ ᠪᠡᠭᠡᠵᠢᠩ ᠤᠨ ᠨᠠᠶᠢᠷᠠᠮᠳᠠᠯᠳᠤ ᠨᠠᠶᠢᠷᠠᠮᠳᠠᠭᠤ ᠰᠦᠮ᠎ᠡ ᠶᠢᠨ《ᠨᠠᠶᠢᠷᠠᠮᠳᠠᠯᠳᠤ ᠨᠠᠶᠢᠷᠠᠮᠳᠠᠭᠤ ᠰᠦᠮ᠎ᠡ ᠶᠢᠨ ᠪᠤᠷᠬᠠᠨ  ᠤ ᠮᠤᠳᠤᠨ ᠪᠠᠷ ᠵᠢᠷᠤᠬ ᠤᠨ ᠲᠦᠷᠰᠦ ᠰᠤᠳᠤᠯᠤᠯ》᠂ ᠤᠯᠤᠰ ᠤᠨ ᠬᠡᠪᠯᠡᠯ ᠤᠨ ᠰᠠᠭᠤᠷᠢ ᠮᠦᠩᠭᠦᠨ ᠤ ᠲᠦᠰᠦᠯ ᠤᠨ《ᠳᠤᠮᠳᠠᠳᠤ ᠤᠯᠤᠰ ᠤᠨ ᠪᠤᠷᠬᠠᠨ ᠱᠠᠰᠢᠨ ᠤ ᠪᠠᠷ ᠵᠢᠷᠤᠬ ᠤᠨ ᠴᠤᠬᠯᠠᠷᠠᠯ》(91—100 ᠪᠤᠳᠢ) ᠭᠡᠬᠦ ᠵᠡᠷᠭᠡ ᠲᠤᠮᠤ ᠰᠤᠳᠤᠯᠭᠠᠨ ᠤ ᠰᠡᠳᠦᠪ ᠤᠳ ᠤᠨ ᠡᠷᠬᠢᠯᠡᠭᠴᠢ ᠨᠠᠶᠢᠷᠠᠭᠤᠯᠤᠬᠴᠢ ᠶᠢᠨ ᠠᠵᠢᠯ ᠢ ᠬᠠᠷᠢᠭᠤᠴᠠᠵᠦ ᠶᠠᠪᠤᠵᠠᠢ᠃

    ᠤᠷᠠᠨ ᠪᠦᠲᠦᠭᠡᠯ ᠢᠶᠡᠷ ᠢᠶᠡᠨ ᠤᠯᠤᠰ ᠤᠨ ᠲᠤᠳᠤᠷ ᠭᠠᠳᠠᠨ᠎ᠠ ᠠᠯᠳᠠᠷ ᠢᠶᠡᠨ ᠳᠠᠭᠤᠷᠢᠰᠤᠭᠤᠯᠤᠬᠰᠠᠨ ᠵᠢᠷᠤᠭᠠᠴᠢ ᠮᠠᠨᠢ ᠤᠷᠢᠳ ᠬᠤᠵᠢᠳ ᠳᠤᠮᠳᠠᠳᠤ ᠤᠯᠤᠰ ᠤᠨ ᠤᠷᠠᠨ ᠵᠢᠷᠤᠬ ᠤᠨ ᠤᠷᠳᠤᠨ᠂ ᠦᠪᠦᠷ ᠮᠤᠨᠭᠭᠤᠯ ᠤᠨ ᠤᠷᠠᠨ ᠵᠢᠷᠤᠬ ᠤᠨ ᠤᠷᠳᠤᠨ᠂ ᠭ᠍ᠧᠷᠮᠠᠨ᠂ ᠹᠷᠠᠨᠼᠢ᠂ ᠷᠤᠮᠠᠨᠢᠶ᠎ᠠ᠂ ᠮᠠᠯᠠᠶᠢᠰᠢᠶ᠎ᠠ᠂ ᠶᠠᠫᠤᠨ᠂ ᠠᠦ᠋ᠰᠲ᠋ᠷᠢᠶ᠎ᠠ᠂ ᠮᠤᠨᠭᠭᠤᠯ ᠤᠯᠤᠰ᠂ ᠠᠩᠭ᠍ᠯᠢ᠂ ᠰᠢᠶᠠᠨᠭᠭᠠᠩ᠂ ᠢᠲ᠋ᠠᠯᠢ ᠵᠡᠷᠭᠡ ᠤᠯᠤᠰ ᠤᠷᠤᠨ ᠢᠶᠡᠷ 20 ᠰᠢᠬᠠᠮ ᠤᠳᠠᠭ᠎ᠠ ᠶᠢᠨ ᠪᠡᠶ᠎ᠡ ᠳᠠᠭᠠᠭᠠᠬᠰᠠᠨ ᠤᠷᠠᠨ ᠪᠦᠲᠦᠭᠡᠯ ᠤᠨ ᠦᠵᠡᠰᠭᠦᠯᠡᠩ ᠵᠤᠬᠢᠶᠠᠨ ᠪᠠᠶᠢᠭᠤᠯᠵᠦ ᠪᠢᠯᠡ᠃

    ᠲᠡᠭᠦᠨ ᠤ ᠤᠷᠠᠨ ᠪᠦᠲᠦᠭᠡᠯ 《2008 ᠤᠨ ᠤ ᠪᠡᠭᠡᠵᠢᠩ ᠤᠨ ᠤᠯᠢᠮᠫᠢᠺ ᠤᠨ ᠤᠷᠠᠨ ᠵᠢᠷᠤᠬ ᠤᠨ ᠦᠵᠡᠰᠭᠦᠯᠡᠩ》᠂《2013 ᠤᠨ ᠤ ᠰᠢᠨᠵᠢᠶᠠᠩ ᠤᠨ ᠤᠯᠠᠨ ᠤᠯᠤᠰ ᠤᠨ ᠪᠠᠷ ᠵᠢᠷᠤᠬ ᠤᠨ ᠦᠵᠡᠰᠭᠦᠯᠡᠩ》ᠵᠡᠷᠭᠡ ᠤᠯᠤᠰ ᠤᠨ ᠬᠡᠪᠴᠢᠶᠡᠨ ᠤ ᠤᠷᠠᠨ ᠵᠢᠷᠤᠬ᠂ ᠪᠡᠷ ᠵᠢᠷᠤᠬ ᠤᠨ ᠦᠵᠡᠰᠭᠦᠯᠡᠩ ᠳᠤ ᠤᠯᠠᠨ ᠤᠳᠠᠭ᠎ᠠ ᠳᠡᠯᠭᠡᠭ᠍ᠳᠡᠵᠦ᠂ 1994 ᠤᠨ ᠡᠴᠡ ᠨᠠᠰᠢᠬᠢ ᠬᠡᠳᠤ ᠤᠳᠠᠭ᠎ᠠ ᠶᠢᠨ《ᠤᠯᠤᠰ  ᠤᠨ〈ᠦᠨᠳᠦᠰᠦᠲᠡᠨ ᠤ ᠴᠡᠴᠡᠭ〉ᠤᠷᠠᠨ ᠵᠢᠷᠤᠬ ᠤᠨ ᠦᠵᠡᠰᠭᠦᠯᠡᠩ》ᠳᠡᠭᠡᠷ᠎ᠡ ᠠᠯᠳᠠ᠂ ᠮᠦᠩᠭᠦ᠂ ᠬᠦᠷᠡᠯ ᠮᠧᠳᠠᠯ ᠢᠶᠡᠷ ᠤᠯᠠᠨᠲᠠ ᠮᠢᠯᠢᠶᠠᠯᠭᠠᠬᠰᠠᠨ ᠪᠦᠭᠡᠳ ᠪᠠᠷ ᠵᠢᠷᠤᠬ ᠤᠨ ᠪᠦᠲᠦᠭᠡᠯ《ᠪᠦᠷᠳᠡ ᠴᠢᠨᠤ᠎ᠠ ᠭᠤᠤ᠎ᠠ ᠮᠠᠷᠠᠯ》 ᠨᠢ 2003 ᠤᠨ ᠳᠤ ᠳᠤᠮᠳᠠᠳᠤ ᠤᠯᠤᠰ ᠤᠨ ᠤᠷᠠᠨ ᠵᠢᠷᠤᠬ ᠤᠨ ᠮᠡᠷᠭᠡᠵᠢᠯ ᠤᠨ ᠤᠯᠤᠰ ᠤᠨ ᠳᠡᠰ ᠤᠨ ᠬᠠᠮᠤᠬ ᠤᠨ ᠦᠨᠳᠦᠷ ᠡᠷᠳᠡᠮ ᠮᠡᠷᠭᠡᠵᠢᠯ ᠤᠨ ᠱᠠᠨᠭᠨᠠᠯ ᠪᠤᠯᠬᠤ《ᠠᠯᠲᠠᠨ ᠦᠩᠭᠡ ᠶᠢᠨ ᠱᠠᠨᠭᠨᠠᠯ》(ᠪᠤᠶᠤ金彩ᠱᠠᠨᠭᠨᠠᠯ) ᠢ᠋ ᠭᠠᠷᠳᠠᠬᠰᠠᠨ ᠪᠠᠶᠢᠨ᠎ᠠ᠃

    ᠦᠷᠴᠠᠶᠢᠬᠤ《ᠳᠤᠮᠳᠠᠳᠤ ᠤᠯᠤᠰ ᠤᠨ〈5•4〉 ᠵᠠᠯᠠᠭᠤᠴᠤᠳ ᠤᠨ ᠪᠠᠶᠠᠷ ᠤᠨ ᠬᠦᠬᠢᠭᠦᠯᠦᠯ ᠤᠨ ᠳᠡᠮᠳᠡᠭ》᠂ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ《5•1 ᠬᠦᠳᠡᠯᠮᠦᠷᠢᠴᠢᠳ ᠤᠨ ᠪᠠᠶᠠᠷ ᠤᠨ ᠬᠦᠬᠢᠭᠦᠯᠦᠯ ᠤᠨ ᠳᠡᠮᠳᠡᠭ》 ᠵᠡᠷᠭᠡ ᠤᠯᠠᠨ ᠤᠯᠠᠨ ᠱᠠᠨᠭᠨᠠᠯ  ᠢᠶᠡᠷ ᠭᠠᠨᠵᠤᠭ᠎ᠠ ᠪᠠᠨ ᠮᠢᠯᠢᠶᠠᠯᠭᠠᠵᠦ ᠶᠠᠪᠤᠭ᠎ᠠ ᠶᠤᠮ᠃

《ᠵᠠᠯᠪᠢᠷᠠᠯ》᠂ 2015 ᠤᠨ ᠤ ᠪᠦᠲᠦᠭᠡᠯ

《ᠵᠠᠯᠪᠢᠷᠠᠯ》᠂ 2015 ᠤᠨ ᠤ ᠪᠦᠲᠦᠭᠡᠯ

《ᠲᠤᠲ᠋ᠧᠮ》᠂ 2015 ᠤᠨ ᠤ ᠪᠦᠲᠦᠭᠡᠯ

《ᠲᠤᠲ᠋ᠧᠮ》᠂ 2015 ᠤᠨ ᠤ ᠪᠦᠲᠦᠭᠡᠯ

《ᠲᠤᠲ᠋ᠧᠮ》᠂ 2015 ᠤᠨ ᠤ ᠪᠦᠲᠦᠭᠡᠯ

《ᠲᠠᠯ᠎ᠠ ᠨᠤᠲᠤᠬ ᠤᠨ ᠲᠤᠮᠤᠬ》᠂ 2015 ᠤᠨ ᠤ ᠪᠦᠲᠦᠭᠡᠯ

《ᠲᠠᠯ᠎ᠠ ᠨᠤᠲᠤᠬ ᠤᠨ ᠲᠤᠮᠤᠬ》᠂ 2015 ᠤᠨ ᠤ ᠪᠦᠲᠦᠭᠡᠯ

《ᠬᠦᠬᠡ ᠲᠤᠲ᠋ᠧᠮ》 2015 ᠤᠨ ᠤ ᠪᠦᠲᠦᠭᠡᠯ

 

《ᠬᠦᠬᠡ ᠲᠤᠲ᠋ᠧᠮ》 2015 ᠤᠨ ᠤ ᠪᠦᠲᠦᠭᠡᠯ

《ᠡᠭᠦᠳᠡ》᠂ 2015 ᠤᠨ ᠤ ᠪᠦᠲᠦᠭᠡᠯ

《ᠡᠭᠦᠳᠡ》᠂ 2015 ᠤᠨ ᠤ ᠪᠦᠲᠦᠭᠡᠯ

《ᠴᠢᠨᠤ᠎ᠠ•ᠠᠮᠢ ᠨᠠᠰᠤ•ᠠᠷᠢᠭᠤᠨ ᠭᠠᠯ》᠂ 2012 ᠤᠨ ᠤ ᠪᠦᠲᠦᠭᠡᠯ

《ᠴᠢᠨᠤ᠎ᠠ•ᠠᠮᠢ ᠨᠠᠰᠤ•ᠠᠷᠢᠭᠤᠨ ᠭᠠᠯ》᠂ 2012 ᠤᠨ ᠤ ᠪᠦᠲᠦᠭᠡᠯ

《ᠴᠢᠨᠤ᠎ᠠ•ᠠᠮᠢ ᠨᠠᠰᠤ•ᠠᠷᠢᠭᠤᠨ ᠭᠠᠯ》᠂ 2012 ᠤᠨ ᠤ ᠪᠦᠲᠦᠭᠡᠯ

《ᠦᠨᠢ ᠪᠠᠯᠠᠷᠯᠢᠬ ᠤᠷᠢᠶᠠᠯᠠᠯ》᠂ 2010 ᠤᠨ ᠤ ᠪᠦᠲᠦᠭᠡᠯ

《ᠦᠨᠢ ᠪᠠᠯᠠᠷᠯᠢᠬ ᠤᠷᠢᠶᠠᠯᠠᠯ》᠂ 2010 ᠤᠨ ᠤ ᠪᠦᠲᠦᠭᠡᠯ

《ᠮᠤᠨᠭᠭᠤᠯ ᠤᠨ ᠦᠨᠳᠦᠷᠯᠢᠭ᠌ ᠡᠴᠡ ᠪᠤᠰᠤᠬᠰᠠᠨ ᠰᠢᠭᠤᠷᠭ᠎ᠠ》᠂ 2012 ᠤᠨ ᠤ ᠪᠦᠲᠦᠭᠡᠯ

《ᠪᠦᠷᠳᠡ ᠴᠢᠨᠤ᠎ᠠ ᠭᠤᠤ᠎ᠠ ᠮᠠᠷᠠᠯ》᠂ 2003 ᠤᠨ ᠤ ᠪᠦᠲᠦᠭᠡᠯ

《ᠴᠢᠨᠤ᠎ᠠ ᠪᠠ ᠡᠬᠡ ᠭᠠᠵᠠᠷ》᠂ 2008 ᠤᠨ ᠤ ᠪᠦᠲᠦᠭᠡᠯ

《ᠴᠢᠨᠤ᠎ᠠ ᠶᠢᠨ ᠳᠠᠭᠤᠯᠠᠯ》᠂ 2006 ᠤᠨ ᠤ ᠪᠦᠲᠦᠭᠡᠯ

《ᠨᠠᠷᠠᠠ ᠰᠠᠷᠠᠨ ᠴᠢᠨᠤ᠎ᠠ》᠂ 2006 ᠤᠨ ᠤ ᠪᠦᠲᠦᠭᠡᠯ

 

《ᠴᠢᠨᠤ᠎ᠠ•ᠲᠤᠤᠷᠠᠢ•ᠰᠢᠭᠤᠷᠭ᠎ᠠ》᠂ 2001 ᠤᠨ ᠤ ᠪᠦᠲᠦᠭᠡᠯ

《ᠴᠢᠯᠠᠭᠤᠵᠢᠮᠠᠯ•ᠠᠮᠢ ᠨᠠᠰᠤᠨ ᠤ ᠤᠷᠤᠨ ᠵᠠᠢ》᠂ 1999 ᠤᠨ ᠤ ᠪᠦᠲᠦᠭᠡᠯ  

《ᠴᠢᠯᠠᠭᠤᠵᠢᠮᠠᠯ•ᠠᠮᠢ ᠨᠠᠰᠤᠨ ᠤ ᠳᠠᠭᠤᠯᠠᠯ》᠂ 2000 ᠤᠨ ᠤ ᠪᠦᠲᠦᠭᠡᠯ

《ᠴᠢᠯᠠᠭᠤᠵᠢᠮᠠᠯ•ᠤᠨ ᠵᠢᠯ ᠤᠳ》᠂ 1999 ᠤᠨ ᠤ ᠪᠦᠲᠦᠭᠡᠯ

《ᠴᠢᠯᠠᠭᠤᠵᠢᠮᠠᠯ•ᠵᠢᠭᠠᠰᠤ》᠂ 1994 ᠤᠨ ᠤ ᠪᠦᠲᠦᠭᠡᠯ

《ᠮᠢᠨᠤ ᠵᠡᠭᠦᠳᠦ》᠂ 1993 ᠤᠨ ᠤ ᠪᠦᠲᠦᠭᠡᠯ

《ᠴᠢᠨᠤ᠎ᠠ ᠪᠠ ᠪᠠᠭᠠᠪᠠᠭᠠᠢ》᠂ 2005 ᠤᠨ ᠤ ᠪᠦᠲᠦᠭᠡᠯ

 

《ᠴᠢᠨᠤ᠎ᠠ•ᠲᠤᠤᠷ》᠂ 2001 ᠤᠨ ᠤ ᠪᠦᠲᠦᠭᠡᠯ

《ᠴᠢᠨᠤ᠎ᠠ•ᠲᠤᠤᠷ》᠂ 2001 ᠤᠨ ᠤ ᠪᠦᠲᠦᠭᠡᠯ

ᠢᠷᠡᠯᠳᠡ᠄ ᠰᠢᠨᠬᠤᠸᠠ ᠮᠤᠨᠭᠭᠤᠯ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011100001118866588