ᠤᠳᠤᠬᠢᠴᠢᠯᠠᠭᠰᠠᠨ ᠰᠤᠷᠭᠠᠨ ᠬᠦᠮᠦᠵᠢᠯ ᠤᠨ ᠲᠤᠰᠬᠠᠢ ᠮᠡᠷᠬᠡᠵᠢᠯᠳᠡᠡ ᠦᠨᠳᠦᠰᠦᠲᠡᠨ ᠤ ᠰᠤᠷᠭᠠᠨ ᠬᠦᠮᠦᠵᠢᠯ ᠤᠨ ᠭᠠᠷᠮᠠᠭᠠᠢ ᠵᠢᠳᠬᠦᠯᠳᠡᠨ 2017-02-22 14:30

ᠤᠷᠳᠤ ᠪᠠᠭᠰᠢ ᠶᠢᠨ ᠲᠤᠰᠬᠠᠢ ᠰᠤᠷᠪᠤᠯᠵᠢᠯᠠᠭ᠎ᠠ

    ᠤᠷᠳᠤ᠂ ᠦᠪᠦᠷ ᠮᠤᠩᠭᠤᠯ ᠤᠨ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠬᠤᠸᠠᠬᠤᠰᠢᠭᠤ ᠰᠤᠮᠤ ᠪᠡᠷ ᠨᠤᠳᠤᠭ ᠲᠠᠢ᠃ ᠦᠨᠳᠦᠰᠦᠳᠡᠨ ᠤ ᠰᠤᠷᠭᠠᠨ ᠬᠦᠮᠦᠵᠢᠯ ᠤᠨ ᠦᠢᠯᠡᠰ ᠲᠤ ᠨᠠᠰᠤᠨ ᠳᠤᠷᠰᠢ ᠵᠢᠳᠬᠦᠵᠤ ᠦᠯᠡᠮᠵᠢ ᠭᠠᠪᠢᠶ᠎ᠠ ᠪᠠᠶᠢᠭᠤᠯᠤᠭᠰᠠᠨ ᠲᠡᠷᠡᠪᠡᠷ ᠲᠡᠭᠡᠷ᠎ᠡ ᠵᠠᠭᠤᠨ ᠤ ᠶᠡᠷᠡᠭᠡᠳ ᠤᠨ ᠤ ᠦᠶ᠎ᠡ ᠪᠡᠷ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠰᠤᠷᠭᠠᠨ ᠬᠦᠮᠦᠵᠢᠯ ᠤᠨ ᠬᠢᠷᠢ ᠲᠦᠪᠰᠢᠨ ᠢ ᠤᠷᠢᠳ ᠡᠮᠦᠨ᠎ᠡ ᠭᠠᠷᠤᠭ᠎ᠠ ᠦᠭᠡᠢ ᠦᠨᠳᠤᠷ ᠲᠦᠪᠰᠢᠨ ᠳᠤ ᠬᠦᠷᠭᠡᠵᠡᠢ᠃ ᠨᠡᠩ ᠢᠯᠠᠩᠭᠤᠶ᠎ᠠ 1994 ᠤᠨ ᠡᠴᠡ 1997 ᠤᠨ ᠪᠤᠯᠳᠠᠯ᠎ᠠ᠂ ᠬᠤᠰᠢᠭᠤᠨ ᠤ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠡᠴᠡ ᠶᠡᠬᠡ ᠰᠤᠷᠭᠠᠭᠤᠯᠢ ᠳᠤ ᠡᠯᠰᠡᠭᠳᠡᠭᠰᠡᠨ ᠰᠤᠷᠤᠭᠴᠢ ᠶᠢᠨ ᠲᠤᠭ᠎ᠠ ᠲᠦᠷᠪᠡᠨ ᠵᠢᠯ ᠲᠠᠷᠠᠭᠠᠯᠠᠨ ᠤᠷᠤᠨ ᠲᠠᠶᠠᠭᠠᠷ ᠤᠨ ᠠᠳᠠᠯᠢ ᠲᠦᠷᠦᠯ ᠤᠨ ᠰᠤᠷᠭᠠᠭᠤᠯᠢ ᠨᠤᠭᠤᠳ ᠤᠨ ᠳᠤᠳᠤᠷ᠎ᠠ ᠲᠦᠷᠦᠭᠦᠯᠡᠭᠰᠡᠨ ᠢᠶᠡᠷ ᠤᠷᠤᠨ ᠤ ᠰᠤᠷᠭᠠᠨ ᠬᠦᠮᠦᠵᠢᠯ ᠤᠨ ᠰᠢᠰᠲ᠋ᠧᠮ ᠳ᠋ᠡᠬᠢ ᠭᠠᠶᠢᠬᠠᠮᠰᠢᠭ ᠢ ᠡᠬᠦᠳᠴᠠᠢ᠃ ᠬᠢᠴᠢᠶᠡᠯ ᠵᠢᠳᠬᠦᠯ ᠤᠨ ᠢᠶᠡᠨ ᠬᠠᠷᠢᠭᠤ ᠳᠤ ᠳᠡᠷᠡ ᠤᠯᠠᠨ ᠤᠯᠠᠨ ᠱᠠᠩᠨᠠᠯ ᠬᠦᠬᠢᠬᠦᠯᠦᠯ ᠲᠤᠰᠴᠤ ᠶᠠᠪᠤᠭᠰᠠᠨ ᠤ ᠳᠤᠳᠤᠷ᠎ᠠ᠂ ᠲᠦᠷᠦ ᠶᠢᠨ ᠶᠠᠪᠤᠳᠠᠯ ᠤᠨ ᠬᠤᠷᠢᠶᠠᠨ ᠡᠴᠡ ᠰᠢᠯᠭᠠᠷᠠᠭᠤᠯᠤᠭᠰᠠᠨ ᠤᠯᠤᠰ ᠲᠠᠶᠠᠭᠠᠷ ᠤᠨ ᠲᠡᠷᠢᠬᠦᠨ ᠤ ᠠᠵᠢᠯᠳᠠᠨ᠂ ᠤᠷᠤᠨ ᠤ ᠳᠡᠰ ᠤᠨ ᠬᠦᠳᠡᠯᠮᠦᠷᠢ ᠶᠢᠨ ᠵᠢᠱᠢᠶᠡᠴᠢ᠂ ᠰᠢᠯᠢᠳᠡᠭ ᠨᠠᠮ ᠤᠨ ᠬᠡᠰᠢᠬᠦᠨ᠂ ᠬᠤᠳᠠ ᠶᠢᠨ ᠳᠡᠰ ᠤᠨ ᠨᠡᠷᠡᠳᠤ ᠵᠠᠬᠢᠷᠤᠯ ᠵᠡᠷᠬᠡ ᠢᠷᠠᠭᠤ ᠠᠯᠳᠠᠷ ᠢ ᠨᠢ ᠤᠨᠴᠠᠯᠠᠨ ᠳᠤᠷᠠᠳᠤᠭᠤᠰᠢᠳᠠᠢ ᠰᠠᠨ᠃

    ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠰᠤᠶᠤᠯ ᠷᠠᠳᠢᠣ᠋ ᠺᠢᠨᠣ᠋ ᠲᠧᠯᠧᠶ᠋ᠰ ᠲᠤᠪᠴᠢᠶ᠎ᠠ ᠶᠢᠨ《ᠰᠤᠶᠤᠯᠳᠤ ᠲᠠᠷᠬᠠᠨ》ᠨᠡᠪᠲᠡᠷᠡᠬᠦᠯᠬᠡ ᠪᠡᠷ ᠰᠠᠴᠤᠬᠳᠠᠭᠰᠠᠨ ᠦᠨᠳᠦᠰᠦᠳᠡᠨ ᠤ ᠰᠤᠷᠭᠠᠨ ᠬᠦᠮᠦᠵᠢᠯ ᠤᠨ ᠭᠠᠪᠢᠶᠠᠳᠤ ᠵᠢᠳᠬᠦᠯᠳᠡᠨ᠂ ᠠᠷᠠᠳ ᠤᠨ ᠪᠠᠭᠰᠢ ᠤᠷᠳᠤ ᠶᠢᠨ ᠳᠤᠬᠠᠢ ᠲᠤᠰᠬᠠᠢ ᠰᠤᠷᠪᠤᠯᠵᠢᠯᠠᠭ᠎ᠠ ᠶᠢ ᠲᠠ ᠪᠦᠬᠦᠨ ᠳᠤ ᠲᠡᠪᠰᠢᠭᠦᠯᠦᠯ᠎ᠡ᠂ ᠲᠠᠭᠠᠯᠠᠨ ᠰᠤᠨᠢᠷᠬᠠᠮᠤ﹗

ᠢᠷᠡᠯᠳᠡ᠄ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠰᠤᠶᠤᠯ ᠷᠠᠳᠢᠣ᠋ ᠺᠢᠨᠣ᠋ ᠲᠧᠯᠧᠶ᠋ᠰ ᠲᠤᠪᠴᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
010070230030000000000000011120691120508881