ᠬᠤᠷᠴᠢᠨ ᠨᠤᠲᠤᠭ ᠤᠨ ᠠᠮᠠᠷᠠᠭ ᠰᠢᠷ᠎ᠠ ᠪᠦᠷᠦᠢ ᠬᠤᠯᠠ ᠵᠢᠨ ᠳᠡᠭᠷᠢ ᠳ᠋ᠥ ᠴᠤᠤᠷᠢᠶᠠᠳᠤᠬᠰᠠᠨ ᠡᠬᠡ ᠬᠡᠯᠡᠨ ᠤ ᠠᠶᠠᠯᠭᠤ 2017-02-22 11:18

- ᠵᠠᠯᠠᠭᠤ ᠢᠷᠠᠭᠤ ᠨᠠᠶᠢᠷᠠᠭᠴᠢ ᠶ• ᠴᠠᠭᠠᠠᠮᠦ᠋ᠷᠡᠨ ᠤ ᠳᠤᠰᠬᠠᠢ ᠰᠤᠷᠪᠤᠯᠵᠢᠯᠠᠭ᠎ᠠ

    ᠢᠷᠠᠭᠤ ᠨᠠᠶᠢᠷᠠᠭᠴᠢ ᠶ•ᠴᠠᠭᠠᠨᠮᠦ᠋ᠷᠡᠨ (ᠤᠤᠯ ᠨᠡᠷ᠎ᠡ ᠬᠠᠨ ᠴᠠᠩ ᠱᠸᠦ)᠂ ᠦᠪᠦᠷ ᠮᠤᠩᠭᠤᠯ ᠤᠨ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠱᠧᠪᠡᠷᠲᠦ ᠪᠠᠯᠭᠠᠰᠤᠨ ᠤ ᠡᠮᠦᠨ᠎ᠡ ᠰᠢᠨ᠎ᠡ ᠠᠶᠢᠯ ᠭᠠᠴᠠᠭ᠎ᠠ ᠪᠡᠷ ᠨᠤᠳᠤᠭ ᠲᠠᠢ᠃ ᠤᠳᠬ᠎ᠠ ᠵᠤᠬᠢᠶᠠᠯ ᠤᠨ ᠰᠢᠭᠦᠮᠵᠢᠯᠡᠭᠴᠢ᠂ ᠳ᠋ᠤᠺᠲ᠋ᠤᠷ᠂ ᠤᠯᠠᠭᠠᠨᠬᠠᠳᠠ ᠲᠡᠭᠡᠳᠦ ᠰᠤᠷᠭᠠᠭᠤᠯᠢ ᠳᠤ ᠪᠠᠭᠰᠢ ᠶᠢᠨ ᠠᠵᠢᠯ ᠠᠯᠪᠠ ᠲᠠᠢ᠃

    ᠶ• ᠴᠠᠭᠠᠨᠮᠦ᠋ᠷᠡᠨ ᠤᠶᠤᠲᠠᠨ ᠪᠠᠶᠢᠬᠤ ᠡᠴᠠ ᠪᠠᠨ ᠡᠬᠢᠯᠡᠨ ᠰᠢᠯᠦᠭ ᠵᠤᠬᠢᠶᠠᠯ ᠪᠢᠴᠢᠵᠤ᠂ ᠤᠳᠤ ᠪᠤᠯᠬᠤ ᠳᠤ《ᠠᠯᠠᠭᠠᠨ ᠳ᠋ᠤ ᠲᠤᠭᠳᠠᠭᠰᠠᠨ ᠠᠮᠠᠷᠠᠭ ᠰᠢᠷ᠎ᠡ ᠪᠦᠷᠦᠢ》᠂《ᠴᠢᠩᠬᠢᠰ ᠲᠤᠭ ᠤᠨ ᠨᠠᠮᠢᠷᠠᠭᠠᠨ》᠂ 《ᠠᠮᠢ ᠨᠠᠰᠤᠨ ᠤ ᠠᠶᠠᠯᠭᠤ》 ᠬᠡᠬᠦ ᠭᠤᠷᠪᠠᠨ ᠰᠢᠯᠦᠭ ᠤᠨ ᠲᠡᠭᠦᠪᠦᠷᠢ ᠬᠡᠪᠯᠡᠬᠦᠯᠦᠭᠰᠡᠨ ᠪᠦᠭᠡᠳ《ᠰᠢᠨ᠎ᠡ ᠵᠠᠭᠤᠨ ᠤ ᠮᠤᠩᠭᠤᠯ ᠤᠳᠬ᠎ᠠ ᠵᠤᠬᠢᠶᠠᠯ ᠤᠨ ᠰᠢᠬᠦᠮᠵᠢᠯᠡᠯ》ᠬᠡᠮᠡᠬᠦ ᠰᠤᠳᠤᠯᠭᠠᠨ ᠤ ᠪᠦᠳᠦᠬᠡᠯ᠂ 《ᠬᠢᠵᠠᠭᠠᠷ ᠦᠬᠡᠢ ᠶ᠋ᠢᠨ ᠲᠤᠮᠳᠠᠭᠤᠷ ᠲᠤᠷ᠎ᠠ ᠪᠡᠷ ᠡᠷᠬᠢᠭᠰᠡᠨ ᠰᠢᠯᠦᠭ》᠂《ᠲᠡᠬᠦᠯᠳᠡᠷ ᠰᠡᠳᠭᠢᠴᠡ ᠬᠢᠬᠡᠳ ᠤᠶᠠᠩᠭᠠᠯᠢᠭ ᠬᠦᠦᠷᠨᠢᠯ》᠂ 《ᠢᠷᠬᠡᠨ ᠤ ᠰᠢᠯᠦᠭ ᠤᠨ ᠦᠵᠡᠭᠳᠡᠯ》᠂《ᠰᠡᠬᠡᠬᠡᠳᠡᠨ ᠤ ᠰᠢᠯᠦᠭ ᠤᠨ ᠦᠵᠡᠭᠳᠡᠯ》᠁ ᠵᠡᠷᠬᠡ ᠤᠳᠬ᠎ᠠ ᠵᠤᠬᠢᠶᠠᠯ ᠤᠨ ᠤᠯᠠᠨ ᠰᠢᠬᠦᠮᠵᠢ ᠦᠬᠦᠯᠡᠯ ᠨᠡᠶᠢᠳᠡᠯᠡᠬᠦᠯᠵᠤ᠂ ᠤᠯᠠᠨ ᠱᠠᠩᠨᠠᠯ ᠬᠦᠷᠳᠡᠭᠰᠡᠨ ᠪᠠᠶᠢᠨ᠎ᠠ᠃ ᠲᠡᠷᠡᠪᠡᠷ ᠬᠤᠷᠴᠢᠨ ᠤᠳᠬ᠎ᠠ ᠵᠤᠬᠢᠶᠠᠯ ᠤᠨ ᠱᠠᠩᠨᠠᠯ᠂ ᠰᠤᠯᠤᠩᠭ᠎ᠠ ᠱᠠᠩᠨᠠᠯ ᠪᠠ ᠤᠷᠤᠨ ᠤ《ᠲᠠᠪᠤᠨ ᠨᠢᠬᠡ ᠢᠨᠵᠧᠨᠧᠷᠢᠩ 》 ᠤᠨ ᠱᠠᠩᠨᠠᠯ ᠢ ᠲᠤᠰᠤᠬᠰᠠᠨ ᠪᠦᠭᠡᠳ 2013 ᠤᠨ ᠳ᠋ᠥ《ᠲᠠᠯ᠎ᠠ ᠶ᠋ᠢᠨ ᠲᠤᠶᠠᠭ᠎ᠠ - ᠮᠤᠩᠭᠤᠯ ᠤᠳᠬ᠎ᠠ ᠵᠤᠬᠢᠶᠠᠯ ᠤᠨ ᠰᠢᠨ᠎ᠡ ᠤᠳᠤᠨ》 ᠢᠶ᠋ᠡᠷ ᠲᠤᠳᠤᠷᠠᠬᠰᠠᠨ ᠶᠤᠮ᠃

    ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠰᠤᠶᠤᠯ ᠷᠠᠳᠢᠣ᠋ ᠺᠢᠨᠣ᠋ ᠲᠧᠯᠧᠶ᠋ᠰ ᠲᠤᠪᠴᠢᠶ᠎ᠠ ᠶᠢᠨ 《ᠰᠤᠶᠤᠯᠳᠤ ᠲᠠᠷᠬᠠᠨ》 ᠨᠡᠪᠲᠡᠷᠡᠬᠦᠯᠬᠡ ᠪᠡᠷ ᠰᠠᠴᠤᠬᠳᠠᠭᠰᠠᠨ《ᠬᠤᠷᠴᠢᠨ ᠨᠤᠲᠤᠭ ᠤᠨ ᠠᠮᠠᠷᠠᠭ ᠰᠢᠷ᠎ᠠ ᠪᠦᠷᠦᠢ᠂ ᠬᠤᠯᠠ ᠵᠢᠨ ᠳᠡᠭᠷᠢ ᠳ᠋ᠥ ᠴᠤᠤᠷᠢᠶᠠᠳᠤᠬᠰᠠᠨ ᠡᠬᠡ ᠬᠡᠯᠡᠨ ᠤ ᠠᠶᠠᠯᠭᠤ 》ᠬᠡᠮᠡᠬᠦ ᠢᠷᠠᠭᠤ ᠨᠠᠶᠢᠷᠠᠭᠴᠢ ᠶ᠂ ᠴᠠᠭᠠᠠᠮᠦ᠋ᠷᠡᠨ ᠤ ᠲᠤᠰᠬᠠᠢ ᠰᠤᠷᠪᠤᠯᠵᠢᠯᠠᠭ᠎ᠠ ᠶᠢ ᠲᠠ ᠪᠦᠬᠦᠨ ᠳᠤ ᠲᠡᠪᠰᠢᠭᠦᠯᠦᠯ᠎ᠡ᠂ ᠲᠠᠭᠠᠯᠠᠨ ᠰᠤᠨᠢᠷᠬᠠᠮᠤ﹗

ᠢᠷᠡᠯᠳᠡ᠄ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠰᠤᠶᠤᠯ ᠷᠠᠳᠢᠣ᠋ ᠺᠢᠨᠣ᠋ ᠲᠧᠯᠧᠶ᠋ᠰ ᠲᠤᠪᠴᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
010070230030000000000000011120691120509731