蒙古文网站Logo
ᠰᠢᠨᠬᠤᠸᠠ ᠮᠤᠩᠭ᠋ᠤᠯ ᠨᠧᠲ

ᠪᠤᠶᠠᠨᠬᠡᠰᠢᠭ᠌《ᠡᠷᠳᠡᠮ ᠰᠢᠨᠵᠢᠯᠡᠬᠡᠨ ‍ᠤ ᠦᠬᠦᠯᠡᠯ ᠨᠢ ᠦᠨᠳᠤᠷ ᠡᠰᠢᠯᠡᠭᠳᠡᠭᠰᠡᠨ ᠲᠤᠮᠳᠠᠳᠤ ᠶᠢᠨ ᠡᠷᠳᠡᠮᠳᠡᠨ》‍ ᠤ᠋ ᠵᠢᠬᠰᠠᠭᠠᠯᠳᠠ ᠳ᠋ᠥ ᠭᠤᠷᠪᠡᠳᠡᠬᠢ ᠤᠳᠠᠭ᠎ᠠ ᠳᠤᠳᠤᠷᠠᠪᠠ

2017-04-20 16:54

    ᠤᠶᠢᠷ᠎ᠡ ᠶ᠋ᠢᠨ ᠡᠳᠤᠷ᠂ ᠠᠶᠢᠰᠧᠧᠯ(ELSEVIER) 2016 ᠤᠨ ‍ᠤ《ᠡᠷᠳᠡᠮ ᠰᠢᠨᠵᠢᠯᠡᠬᠡᠨ ‍ᠤ ᠦᠬᠦᠯᠡᠯ ᠨᠢ ᠦᠨᠳᠤᠷ ᠡᠰᠢᠯᠡᠭᠳᠡᠭᠰᠡᠨ ᠲᠤᠮᠳᠠᠳᠤ ᠶᠢᠨ ᠡᠷᠳᠡᠮᠳᠡᠨ》 ‍ᠤ ᠵᠢᠬᠰᠠᠭᠠᠯᠳᠠ ᠶ᠋ᠢ ᠨᠡᠶᠢᠳᠡᠯᠡᠪᠡ᠃ ᠲᠤᠰ ᠵᠢᠬᠰᠠᠭᠠᠯᠳᠠ ᠳ᠋ᠥ ᠲᠤᠮᠳᠠᠳᠤ ᠤᠯᠤᠰ ‍ᠤᠨ ᠡᠷᠳᠡᠮ ᠰᠢᠨᠵᠢᠯᠡᠬᠡᠨ ‍ᠤ ᠬᠦᠷᠢᠶᠠᠨ ᠳ᠋ᠡᠬᠢ ᠦᠨᠳᠤᠷ ᠡᠰᠢᠯᠡᠭᠳᠡᠭᠰᠡᠨ 38 ᠡᠷᠳᠡᠮᠳᠡᠨ ‍ᠢ ᠪᠠᠬᠳᠠᠭᠠᠬᠰᠠᠨ ᠪᠠᠶᠢᠨ᠎ᠠ᠃ ᠮᠤᠩᠭᠤᠯ ᠦᠨᠳᠤᠰᠤᠳᠡᠨ ‍ᠤ ᠰᠢᠨᠵᠢᠯᠡᠬᠦ ᠤᠬᠠᠭᠠᠨᠳᠡᠨ᠂ ᠴᠢᠩᠬᠤᠸᠠ ᠶᠡᠭᠡ ᠰᠤᠷᠭᠠᠭᠤᠯᠢ ᠶ᠋ᠢᠨ ᠰᠠᠨᠰᠠᠷ ᠠᠶᠠᠯᠠᠯ ‍ᠤᠨ ᠲᠡᠭᠡᠳᠤ ᠰᠤᠷᠭᠠᠭᠤᠯᠢ ᠶ᠋ᠢᠨ ᠫᠷᠤᠹᠧᠰᠰᠤᠷ ᠪᠤᠶᠠᠨᠬᠡᠰᠢᠭ᠌ ᠲᠡᠯᠡᠭᠡᠢ ᠶ᠋ᠢᠨ ᠡᠷᠳᠡᠮ ᠰᠢᠨᠵᠢᠯᠡᠬᠡᠨ ‍ᠤ ᠬᠢᠨ ᠳ᠋ᠡᠬᠢ ᠨᠦᠯᠦᠭᠡ ᠲᠤᠰᠬᠠᠯ ᠪᠠ ᠭᠠᠷᠮᠠᠭᠠᠢ ᠠᠮᠵᠢᠯᠳᠠ ᠪᠠᠷ ᠢᠶᠡᠨ᠂ ᠭᠤᠷᠪᠠᠨ ᠵᠢᠯ ᠲᠠᠷᠠᠭᠠᠯᠠᠨ ᠡᠨᠡᠬᠦ ᠵᠢᠬᠰᠠᠭᠠᠯᠳᠠ ᠳ᠋ᠥ ᠳᠤᠳᠤᠷᠠᠭᠰᠠᠨ ᠪᠠᠶᠢᠨ᠎ᠠ᠃

ᠪᠤᠶᠠᠨᠬᠡᠰᠢᠭ᠌

    ᠪᠤᠶᠠᠨᠬᠡᠰᠢᠭ᠌ 1972 ᠤᠨ ᠳ᠋ᠥ ᠦᠪᠦᠷ ᠮᠤᠩᠭᠤᠯ ᠤᠨ ᠬᠢᠩᠭᠠᠨ ᠠᠶᠢᠮᠠᠭ ‍ᠤᠨ ᠵᠠᠯᠠᠶᠢᠳ ᠬᠤᠰᠢᠭᠤᠨ ᠳ᠋ᠥ ᠲᠦᠷᠦᠵᠠᠢ᠃ 1999 ᠤᠨ ᠳ᠋ᠥ ᠬᠠᠷᠪᠢᠨ ‍ᠤ ᠠᠵᠤ ᠤᠶᠢᠯᠠᠳᠪᠤᠷᠢ ᠶ᠋ᠢᠨ ᠶᠡᠭᠡ ᠰᠤᠷᠭᠠᠭᠤᠯᠢ ᠶᠢᠨ ᠨᠢᠰᠤᠬᠦᠷ ‍ᠤᠨ ᠵᠢᠷᠤᠭ ᠳᠦᠰᠦᠯ ᠤᠨ ᠲᠤᠰᠬᠠᠢ ᠮᠡᠷᠬᠡᠵᠢᠯ ‍ᠤᠨ ᠳ᠋ᠤᠺᠲ᠋ᠤᠷ ᠴᠤᠯᠠ ᠬᠠᠮᠠᠭᠠᠯᠠᠵᠤ᠂ ᠲᠠᠷᠠᠭ᠎ᠠ ᠨᠢ ᠴᠢᠩᠬᠤᠸᠠ ᠶᠡᠭᠡ ᠰᠤᠷᠭᠠᠭᠤᠯᠢ ᠳ᠋ᠥ ᠬᠤᠶᠠᠷ ᠵᠢᠯ ᠫᠤᠰᠲ ᠳ᠋ᠤᠺᠲ᠋ᠤᠷ ᠢᠶᠠᠷ ᠰᠤᠷᠤᠯᠴᠠᠪᠠ᠃ 2002-2004 ᠤᠨ ᠳ᠋ᠥ ᠶᠠᠫᠤᠨ ‍ᠤ ᠤᠯᠤᠰ ᠡᠴᠠ ᠪᠠᠶᠢᠭᠤᠯᠤᠬᠰᠠᠨ ᠢᠧᠠᠲ᠋ᠧ ᠶᠡᠭᠡ ᠰᠤᠷᠭᠠᠭᠤᠯᠢ ᠳ᠋ᠥ ᠯᠧᠺᠲ᠋ᠤᠷ ᠢᠶᠠᠷ ᠠᠵᠢᠯᠯᠠᠵᠤ᠂ 2004-2005 ᠤᠨ ᠳ᠋ᠥ ᠠᠩᠭ᠍ᠯᠢ ᠤᠯᠤᠰ ‍ᠤᠨ ᠰᠲ᠋ᠷᠠᠲ᠋ᠬᠪᠯᠶᠳᠡ (strathblyde) ᠶᠡᠭᠡ ᠰᠤᠷᠭᠠᠭᠤᠯᠢ ᠶ᠋ᠢᠨ ᠰᠠᠨᠰᠠᠷ ᠠᠶᠠᠯᠠᠯ ‍ᠤᠨ ᠰᠠᠯᠪᠤᠷᠢ ᠶ᠋ᠢᠨ ᠲᠤᠷᠰᠢᠯᠳᠠ ᠶ᠋ᠢᠨ ᠲᠠᠰᠤᠭ ᠲᠤ ᠲᠡᠬᠡᠳᠤ ᠵᠡᠷᠬᠡ ᠶ᠋ᠢᠨ ᠰᠤᠳᠤᠯᠤᠬᠴᠢ ᠵᠤᠴᠢᠮᠠᠳ ᠡᠷᠳᠡᠮᠳᠡᠨ ‍ᠤ ᠬᠤᠪᠢ ᠪᠠᠷ ᠰᠤᠳᠤᠯᠭᠠᠨ ᠬᠢᠪᠠ᠃ 2005 ᠤᠨ ᠡᠴᠠ ᠤᠳᠤ ᠪᠤᠯᠳᠠᠯ᠎ᠠ ᠴᠢᠩᠬᠤᠸᠠ ᠶᠡᠭᠡ ᠰᠤᠷᠭᠠᠭᠤᠯᠢ ᠶ᠋ᠢᠨ ᠰᠠᠨᠰᠠᠷ ᠠᠶᠠᠯᠠᠯ ‍ᠤᠨ ᠲᠡᠬᠡᠳᠤ ᠰᠤᠷᠭᠠᠭᠤᠯᠢ ᠳ᠋ᠥ ᠪᠠᠬᠰᠢᠯᠠᠵᠤ ᠪᠠᠶᠢᠨ᠎ᠠ᠃

    ᠪᠤᠶᠠᠨᠬᠡᠰᠢᠭ᠌ ᠫᠷᠤᠹᠧᠰᠰᠤᠷ ᠠᠮᠧᠷᠢᠺᠠ ᠶ᠋ᠢᠨ ᠰᠠᠨᠰᠠᠷ ᠠᠶᠠᠯᠠᠯ ‍ᠤᠨ ᠰᠤᠳᠤᠯᠭᠠᠨ ‍ᠤ ᠨᠡᠶᠢᠬᠡᠮᠯᠢᠭ (AIAA) ᠤ᠋᠋ᠨ ᠦᠨᠳᠤᠷ ᠵᠡᠷᠬᠡ ᠶ᠋ᠢᠨ ᠬᠡᠰᠢᠬᠦᠨ᠂ ᠱᠠᠩᠬᠠᠢ ᠬᠤᠳᠠ ᠶ᠋ᠢᠨ ᠰᠠᠨᠰᠠᠷ ‍ᠤᠨ ᠤᠶᠤᠨᠴᠢ ᠡᠵᠡᠮᠰᠢᠯ ‍ᠤᠨ ᠭᠤᠤᠯᠳᠠᠯᠭᠠᠳᠤ ᠲᠤᠷᠰᠢᠯᠳᠡ ᠶ᠋ᠢᠨ ᠲᠠᠰᠤᠭ ‍ᠤᠨ ᠡᠷᠳᠡᠮ ᠰᠢᠨᠵᠢᠯᠡᠬᠡᠨ ‍ᠤ ᠬᠡᠰᠢᠬᠦᠨ᠂ 《ᠬᠦᠨ ᠤᠬᠳᠠᠷᠭᠤᠢ ᠶ᠋ᠢᠨ ᠬᠠᠶᠢᠯᠳᠠ ᠶ᠋ᠢᠨ ᠡᠷᠳᠡᠮ ᠰᠢᠨᠵᠢᠯᠡᠬᠡᠨ ‍ᠤ ᠰᠡᠳᠬᠦᠯ》‍ᠤ᠋ᠨ ᠨᠠᠶᠢᠷᠠᠭᠤᠯᠬᠤ ᠺᠤᠮᠢᠰ ‍ᠤᠨ ᠪᠠᠶᠢᠩᠭᠤ ᠶ᠋ᠢᠨ ᠬᠡᠰᠢᠬᠦᠨ ᠵᠡᠷᠬᠡ ᠲᠤᠰᠢᠶᠠᠯ ᠲᠠᠢ᠃ ᠬᠦᠨ ᠤᠬᠳᠠᠷᠭᠤᠢ ᠶ᠋ᠢᠨ ᠬᠠᠶᠢᠯᠳᠠ ᠶ᠋ᠢᠨ ᠬᠦᠴᠦᠨ ‍ᠤ ᠤᠬᠠᠭᠠᠨ ‍ᠤ ᠤᠨᠤᠯ ᠪᠠ ᠢᠨᠵᠧᠨ᠋᠋ᠧᠷᠢᠩ ‍ᠤᠨ ᠬᠡᠷᠡᠭᠯᠡᠬᠡᠨ ‍ᠤ ᠰᠤᠳᠤᠯᠭᠠᠨ ‍ᠢ ᠭᠤᠤᠯᠯᠠᠨ ᠰᠤᠳᠤᠯᠵᠤ ᠪᠠᠶᠢᠭ᠎ᠠ ᠪᠤᠶᠠᠨᠬᠡᠰᠢᠭ᠌ ᠫᠷᠤᠹᠧᠰᠰᠤᠷ ᠤᠯᠤᠰ ‍ᠤᠨ ᠲᠤᠳᠤᠭᠠᠳᠤ ᠭᠠᠳᠠᠭᠠᠳᠤ ᠳ᠋ᠥ 100 ᠭᠠᠷᠤᠢ ᠦᠬᠦᠯᠡᠯ ᠨᠡᠶᠢᠳᠡᠯᠡᠵᠤ᠂ ᠬᠠᠷᠢᠭᠤᠴᠠᠬᠰᠠᠨ ᠰᠤᠳᠤᠯᠭᠠᠨ ‍ᠤ ᠲᠦᠷᠦᠯ ᠵᠦᠢᠯ ᠨᠢ 20 ᠭᠠᠷᠤᠢ ᠲᠦᠷᠦᠯ ᠳ᠋ᠥ ᠬᠦᠷᠴᠠᠢ᠃ ᠡᠬᠦᠨ ᠳ᠋ᠥ《973 ᠲᠦᠯᠦᠪᠯᠡᠬᠡ》 ᠶ᠋ᠢᠨ ᠰᠤᠳᠤᠯᠭᠠᠨ ‍ᠤ ᠬᠤᠪᠢᠶᠠᠷᠢ ᠰᠡᠳᠦᠪ᠂ ᠤᠯᠤᠰ ‍ᠤᠨ ᠪᠠᠶᠢᠭᠠᠯᠢ ᠶ᠋ᠢᠨ ᠰᠢᠨᠵᠢᠯᠡᠬᠦ ᠤᠬᠠᠭᠠᠨ ‍ᠤ ᠰᠠᠭᠤᠷᠢ ᠮᠦᠩᠬᠦ᠂ 《863 ᠲᠦᠯᠦᠪᠯᠡᠬᠡ》 ᠶ᠋ᠢᠨ ᠰᠤᠳᠤᠯᠭᠠᠨ ᠵᠡᠷᠬᠡ ᠤᠯᠤᠰ ‍ᠤᠨ ᠲᠡᠰ ‍ᠤᠨ ᠭᠤᠤᠯᠳᠠᠯᠭᠠᠳᠤ ᠰᠤᠳᠤᠯᠭᠠᠨ ‍ᠤ ᠲᠦᠷᠦᠯ ᠵᠦᠢᠯ ᠪᠠᠬᠳᠠᠵᠤ ᠪᠠᠶᠢᠳᠠᠭ᠃

    ᠪᠤᠶᠠᠨᠬᠡᠰᠢᠭ᠌ ‍ᠤᠨ ᠰᠤᠳᠤᠯᠭᠠᠨ ‍ᠤ ᠦᠷ᠎ᠡ ᠪᠦᠳᠦᠬᠡᠯ ᠨᠢ ᠤᠷᠳᠤ ᠬᠤᠭᠤᠴᠠᠭᠠᠨ ‍ᠤ ᠲᠤᠷᠰᠢ ᠰᠠᠨᠰᠠᠷ ‍ᠤᠨ ᠵᠢᠷᠤᠭ ᠳᠦᠰᠦᠯ ᠬᠢᠵᠤ ᠪᠠᠶᠢᠭ᠎ᠠ ᠡᠳᠡᠬᠡᠳ ‍ᠢ ᠪᠤᠳᠤᠯᠢᠭᠤᠯᠵᠤ ᠪᠠᠶᠢᠬᠰᠠᠨ ᠰᠠᠨᠰᠠᠷ ‍ᠤᠨ ᠦᠷᠳᠡᠬᠡ ᠪᠠ ᠨᠢᠰᠤᠬᠦᠷ ‍ᠤᠨ ᠠᠭᠤᠯᠵᠠᠯᠳᠠ ᠶ᠋ᠢᠨ ᠬᠤᠯᠠ ᠵᠠᠢ ᠳ᠋ᠡᠬᠢ ᠬᠠᠮᠤᠭ ‍ᠤᠨ ᠰᠢᠯᠢᠳᠡᠭ ᠵᠢᠯᠤᠭᠤᠳᠤᠯᠭ᠎ᠠ ᠶ᠋ᠢᠨ ᠠᠰᠠᠭᠤᠳᠠᠯ ‍ᠢ ᠰᠢᠶ᠋ᠳᠪᠤᠷᠢᠯᠡᠭᠰᠡᠨ ᠢᠶᠠᠷ᠂ ᠡᠨᠡᠬᠦ ᠦᠷ᠎ᠡ ᠪᠦᠳᠦᠬᠡᠯ ᠨᠢ 《ᠲᠡᠭᠷᠢ ᠶ᠋ᠢᠨ ᠤᠷᠳᠤᠨ》 ᠪᠠ《ᠰᠢᠳᠢᠳᠦ ᠬᠦᠯᠬᠡ》 ᠶ᠋ᠢᠨ ᠬᠤᠯᠠ ᠵᠠᠢ ᠶ᠋ᠢᠨ ᠵᠢᠯᠤᠭᠤᠳᠤᠯᠭ᠎ᠠ ᠶ᠋ᠢᠨ ᠲᠦᠰᠦᠪ ᠢᠶᠠᠷ ᠠᠮᠵᠢᠯᠳᠠ ᠲᠠᠢ ᠠᠰᠢᠬᠯᠠᠬᠳᠠᠬᠰᠠᠨ ᠪᠠᠶᠢᠨ᠎ᠠ᠃ 《ᠲᠡᠭᠷᠢ ᠶ᠋ᠢᠨ ᠤᠷᠳᠤᠨ ᠨᠢᠬᠡᠳᠤᠬᠡᠷ》 ‍ᠢ ᠰᠤᠳᠤᠯᠤᠨ ᠤᠶᠢᠯᠡᠳᠬᠦ ᠶᠠᠪᠤᠴᠠ ᠳ᠋ᠥ᠂ ᠪᠤᠶᠠᠨᠬᠡᠰᠢᠭ᠌ ‍ᠢ ᠪᠠᠬᠳᠠᠭᠠᠬᠰᠠᠨ ᠴᠢᠩᠬᠤᠸᠠ ᠶᠡᠭᠡ ᠰᠤᠷᠭᠠᠭᠤᠯᠢ ᠶ᠋ᠢᠨ ᠰᠢᠨᠵᠢᠯᠡᠬᠦ ᠤᠬᠠᠭᠠᠨᠳᠠᠳ ᠰᠠᠨᠰᠠᠷᠴᠢᠨ ‍ᠤ ᠡᠷᠡᠬᠦᠯ ᠮᠠᠨᠳᠤ ᠶ᠋ᠢᠨ ᠪᠠᠶᠢᠴᠠᠭᠠᠯᠳᠠ᠂ ᠰᠠᠨᠰᠠᠷ ‍ᠤᠨ ᠦᠷᠳᠡᠬᠡ ᠪᠠ ᠨᠢᠰᠤᠬᠦᠷ ‍ᠤᠨ ᠠᠭᠤᠯᠵᠠᠯᠳᠠ᠂ ᠨᠢᠰᠤᠬᠦᠷ ‍ᠤᠨ ᠬᠠᠳᠠᠭᠤᠴᠠ ᠪᠠ ᠡᠳ᠋ᠯᠡᠯᠬᠡ ᠵᠡᠷᠬᠡ ᠲᠡᠯ᠎ᠡ ᠳ᠋ᠥ ᠶᠡᠭᠡ ᠬᠡᠮᠵᠢᠶᠠᠨ ‍ᠤ ᠤᠤᠷ ᠡᠬᠦᠳᠦᠯᠳᠡ ᠲᠠᠢ ᠰᠤᠳᠤᠯᠭᠠᠨ ‍ᠤ ᠠᠵᠢᠯ ‍ᠢ ᠬᠢᠪᠠ᠃ 2013 ᠤᠨ ᠳ᠋ᠥ᠂ ᠤᠳᠤ ᠦᠶ᠎ᠡ ᠶ᠋ᠢᠨ ᠰᠠᠨᠰᠠᠷ ‍ᠤᠨ ᠮᠡᠷᠬᠡᠵᠢᠯ ‍ᠤᠨ ᠠᠷᠭ᠎ᠠ ᠪᠠᠷᠢᠯ ᠢᠶᠠᠷ ᠤᠯᠵᠠᠯᠠᠵᠤ ᠪᠤᠯᠬᠤ 《ᠲᠡᠯᠡᠬᠡᠢ ᠶ᠋ᠢᠨ ᠪᠦᠮᠪᠦᠷᠴᠡᠭ ‍ᠤᠨ ᠬᠤᠶᠠᠳᠤᠭᠠᠷ ᠰᠠᠷᠠ》 ᠬᠡᠰᠡᠨ ᠵᠢᠵᠢᠭ᠌ ᠲᠠᠭᠠᠭᠤᠯᠢ ᠤᠳᠤ ᠶ᠋ᠢ ᠢᠯᠡᠷᠡᠬᠦᠯᠪᠠ ᠬᠡᠬᠦ ᠦᠬᠦᠯᠡᠯ ᠨᠢ《ᠲᠤᠮᠳᠠᠳᠤ ᠤᠯᠤᠰ ‍ᠤᠨ ᠰᠢᠨᠵᠢᠯᠡᠬᠦ ᠤᠬᠠᠭᠠᠨᠳᠡᠨ ᠲᠡᠯᠡᠬᠡᠢ ᠶ᠋ᠢᠨ ᠪᠦᠮᠪᠦᠷᠴᠡᠭ ‍ᠢ ᠤᠶᠢᠯᠠᠭᠠᠵᠤ ᠪᠤᠯᠬᠤ ᠵᠢᠵᠢᠭ᠌ ᠲᠠᠭᠠᠭᠤᠯᠢ ᠤᠳᠤ ᠶ᠋ᠢ ᠢᠯᠡᠷᠡᠬᠦᠯᠦᠭᠰᠡᠨ ᠪᠠᠶᠢᠨ᠎ᠠ》ᠬᠡᠳᠡᠭ ᠲᠡᠳ᠋ ᠭᠠᠷᠴᠠᠭ ᠢᠶᠠᠷ MIT ᠰᠢᠨᠵᠢᠯᠡᠬᠡ ᠮᠡᠷᠬᠡᠵᠢᠯ ‍ᠤᠨ ᠰᠢᠬᠦᠮᠵᠢ ᠳ᠋ᠥ ᠮᠡᠳᠡᠭᠡᠯᠡᠭᠳᠡᠭᠰᠡᠨ ‍ᠤ ᠲᠠᠷᠠᠭ᠎ᠠ᠂ ᠲᠡᠯᠡᠬᠡᠢ ᠶ᠋ᠢᠨ ᠬᠡᠪᠴᠢᠶᠠᠨ ‍ᠤ ᠠᠩᠬᠠᠷᠤᠯ ‍ᠢ ᠲᠡᠳᠡᠪᠡ᠃ ᠡᠨᠡᠬᠦ ᠦᠬᠦᠯᠡᠯ ᠨᠡᠶᠢᠳᠡᠯᠡᠭᠳᠡᠭᠰᠡᠨ ‍ᠤ ᠬᠤᠶᠠᠷ ᠵᠢᠯ ‍ᠤᠨ ᠲᠠᠷᠠᠭ᠎ᠠ᠂ ᠠᠮᠧᠷᠢᠺᠠ ᠶ᠋ᠢᠨ ᠰᠠᠨᠰᠠᠷ ‍ᠤᠨ ᠲᠤᠪᠴᠢᠶ᠎ᠠ ᠡᠴᠠ ᠵᠢᠵᠢᠭ᠌ ᠲᠠᠭᠠᠭᠤᠯᠢ ᠤᠳᠤ ᠶ᠋ᠢ ᠬᠠᠶᠢᠬᠤ ᠲᠦᠯᠦᠪᠯᠡᠬᠡ ᠪᠠᠨ ᠨᠡᠶᠢᠳᠡᠯᠡᠪᠡ᠃ 2016 ᠤᠨ ᠳ᠋ᠥ ᠪᠤᠶᠠᠨᠬᠡᠰᠢᠭ᠌ ‍ᠤᠨ ᠲᠠᠭᠠᠭᠤᠯᠤᠬᠰᠠᠨ ᠰᠤᠳᠤᠯᠭᠠᠨ ‍ᠤ ᠪᠠᠭ ᠤᠯᠠᠨ ᠤᠯᠤᠰ ‍ᠤᠨ ᠬᠦᠨ ᠤᠬᠳᠠᠷᠭᠤᠢ ᠶ᠋ᠢᠨ ᠪᠠᠶᠢᠷᠢᠯᠠᠯ ‍ᠢ ᠤᠬᠢᠵᠢᠭᠤᠯᠬᠤ ᠮᠦᠷᠦᠶᠢᠴᠡᠬᠡᠨ ᠳ᠋ᠥ ᠬᠤᠶᠠᠳᠤᠭᠠᠷ ᠪᠠᠶᠢᠷᠢᠨ ᠳᠤ ᠲᠤᠳᠤᠷᠠᠵᠤ᠂ ᠠᠽᠢᠶ᠎ᠠ ᠲᠢᠪ ‍ᠤᠨ ᠬᠠᠮᠤᠭ ‍ᠤᠨ ᠬᠦᠴᠦᠷᠭᠡᠭ ᠪᠠᠭ ᠪᠤᠯᠤᠬᠰᠠᠨ ᠪᠠᠶᠢᠨ᠎ᠠ᠃ (ᠶᠦᠩ ᠴᠢᠩ)

ᠪᠤᠶᠠᠨᠬᠡᠰᠢᠭ᠌ ᠤᠨ ᠬᠡᠷ ᠪᠦᠯᠢ

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120701120845528