蒙古文网站Logo
ᠰᠢᠨᠬᠤᠸᠠ ᠮᠤᠩᠭ᠋ᠤᠯ ᠨᠧᠲ

ᠰᠠᠨᠰᠠᠷ ᠠᠶᠠᠯᠠᠯ ᠤᠨ ᠡᠷᠲᠡᠮᠲᠡᠨ ᠪᠤᠶᠠᠨᠬᠡᠰᠢᠭ᠌

2017-05-27 11:12

    ᠰᠢᠨᠬᠤᠸᠠ ᠮᠤᠩᠭ᠋ᠤᠯ ᠨᠸᠲ    ᠬᠦᠬᠡᠬᠤᠲᠠ ᠶᠢᠨ 5 ᠰᠠᠷ᠎ᠠ ᠶᠢᠨ 27 ᠤ ᠡᠲᠦᠷ ᠤᠨ ᠴᠠᠬᠢᠯᠭᠠᠨ ᠮᠡᠲᠡᠭᠡ (ᠬ • ᠦᠵᠡᠰᠭᠦᠯᠡᠩ) ᠴᠢᠩᠬᠤᠸᠠ ᠶᠡᠬᠡ ᠰᠤᠷᠭᠠᠭᠤᠯᠢ ᠶᠢᠨ ᠰᠠᠨᠰᠠᠷ ᠠᠶᠠᠯᠠᠯ ᠤᠨ ᠲᠡᠭᠡᠳᠦ ᠰᠤᠷᠭᠠᠭᠤᠯᠢ ᠳ᠋ᠤ ᠰᠠᠨᠰᠠᠷ ᠠᠶᠠᠯᠠᠯ ᠤᠨ ᠡᠷᠲᠡᠮᠲᠡᠨ ᠪᠤᠶᠠᠨᠬᠡᠰᠢᠭ᠌ ᠭᠡᠵᠦ ᠪᠠᠶᠢᠲᠠᠭ᠃ ᠲᠡᠷᠡᠪᠡᠷ ᠤᠯᠤᠰ ᠤᠨ ᠬᠦᠨᠳᠦ ᠴᠢᠬᠤᠯᠠ ᠰᠤᠲᠤᠯᠭᠠᠨ ᠤ ᠲᠦᠰᠦᠯ ᠤᠳ ᠢ ᠤᠯᠠᠨ ᠤᠲᠠᠭ᠎ᠠ ᠲᠠᠭᠠᠭᠠᠴᠢᠯᠠᠵᠤ᠂ ᠬᠦᠮᠦᠨ ᠲᠡᠭᠡᠭᠡᠭ᠍ᠰᠡᠨ ᠰᠠᠨᠰᠠᠷ ᠠᠶᠠᠯᠠᠯ ᠤᠨ ᠠᠯᠦᠰ ᠵᠠᠢ ᠳ᠋ᠡᠬᠢ ᠬᠦᠲᠦᠯᠦᠨ ᠲᠠᠭᠠᠭᠤᠯᠬᠤ ᠵᠠᠩᠬᠢᠯᠠᠭ᠎ᠠ ᠮᠡᠷᠭᠡᠵᠢᠯ ᠢ ᠡᠭᠦᠳᠴᠦ᠂ ᠲᠡᠭᠦᠨ ᠤ ᠰᠤᠲᠤᠯᠭᠠᠨ ᠤ ᠦᠷ᠎ᠡ ᠪᠦᠲᠦᠭᠡᠯ ᠮᠠᠨ ᠤ ᠤᠯᠤᠰ ᠤᠨ ᠰᠠᠨᠰᠠᠷ ᠠᠶᠠᠯᠠᠯ ᠤᠨ ᠵᠤᠯᠭᠠᠭᠤᠯᠬᠤ ᠢᠨᠵᠸᠨ᠋ᠸᠷᠢᠩ ᠲᠤ ᠰᠢᠭᠤᠳ ᠬᠡᠷᠡᠭᠯᠡᠭᠲᠡᠪᠡ᠃

    ᠪᠤᠶᠠᠨᠬᠡᠰᠢᠭ᠌ ᠦᠪᠦᠷ ᠮᠤᠩᠭ᠋ᠤᠯ ᠤᠨ ᠶᠡᠬᠡ ᠰᠤᠷᠭᠠᠭᠤᠯᠢ ᠳ᠋ᠤ ᠢᠯᠡᠳᠭᠡᠯ ᠬᠢᠵᠦ ᠪᠠᠶᠢᠭ᠎ᠠ ᠨᠢ

    ᠪᠤᠶᠠᠨᠬᠡᠰᠢᠭ᠌ 1972 ᠤᠨ ᠳ᠋ᠤ ᠦᠪᠦᠷ ᠮᠤᠩᠭ᠋ᠤᠯ ᠤᠨ ᠬᠢᠩᠭ᠋ᠠᠨ ᠠᠶᠢᠮᠠᠭ ᠤᠨ ᠵᠠᠯᠠᠶᠢᠳ ᠬᠤᠰᠢᠭᠤᠨ ᠤ ᠬᠦᠷᠡᠯ ᠪᠠᠯᠭᠠᠰᠤ ᠶᠢᠨ ᠴᠠᠭᠠᠨᠮᠦ᠋ᠷᠡᠨ ᠭᠠᠴᠠᠭᠠᠨ ᠤ ᠮᠠᠯᠴᠢᠨ ᠬᠠᠲᠠ ᠶᠢᠨ ᠤᠤᠭᠠᠨ ᠬᠦᠪᠡᠬᠦᠨ ᠪᠤᠯᠵᠤ ᠵᠠᠶᠠᠭᠠᠪᠠ᠃ ᠪᠤᠶᠠᠨᠬᠡᠰᠢᠭ᠌ ᠤᠨ ᠲᠦᠷᠦᠯ ᠰᠠᠲᠤᠨ ᠠᠪᠤ ᠡᠵᠢ ᠨᠢ ᠪᠦᠷ ᠨᠤᠮ ᠪᠢᠴᠢᠭ᠌ ᠢ ᠬᠦᠨᠳᠦᠳᠭᠡᠲᠡᠭ ᠠᠶᠢᠯ ᠪᠠᠶᠢᠵᠠᠢ᠃ ᠪᠤᠶᠠᠨᠬᠡᠰᠢᠭ᠌ ᠬᠠᠷᠠᠬᠠᠨ ᠪᠠᠭ᠎ᠠ ᠡᠴᠡ ᠪᠠᠨ ᠬᠢᠴᠢᠶᠠᠯ ᠰᠤᠷᠤᠯᠭ᠎ᠠ ᠳ᠋ᠠᠭᠠᠨ ᠴᠢᠷᠮᠠᠶᠢᠯᠲᠠ ᠲᠠᠢ ᠪᠠᠶᠢᠭᠰᠠᠨ ᠪᠤᠯᠬᠤᠷ ᠤᠯᠠᠭᠠᠨᠬᠤᠲᠠ ᠶᠢᠨ ᠬᠤᠶᠠᠲᠤᠭᠠᠷ ᠲᠤᠮᠲᠠᠲᠤ ᠰᠤᠷᠭᠠᠭᠤᠯᠢ ᠡᠴᠡ ᠤᠯᠤᠰ  ᠤᠨ ᠨᠢᠭᠡᠲᠦᠯᠲᠡᠢ ᠰᠢᠯᠭᠠᠯᠲᠠ ᠪᠠᠷ ᠳᠠᠮᠵᠢᠨ ᠪᠠᠶᠢᠭᠠᠯᠢ ᠶᠢᠨ ᠰᠢᠨᠵᠢᠯᠡᠭᠡᠨ ᠤ ᠲᠦᠷᠦᠯ ᠤᠨ ᠰᠢᠯᠢᠲᠡᠭ ᠪᠦᠲᠦᠮᠵᠢ ᠪᠡᠷ ᠵᠡᠬᠦᠨ ᠬᠤᠶᠢᠲᠤ ᠶᠢᠨ ᠲᠠᠷᠢᠶᠠᠯᠠᠩ ᠤᠨ ᠶᠡᠬᠡ ᠰᠤᠷᠭᠠᠭᠤᠯᠢ ᠶᠢᠨ ᠢᠨᠵᠸᠨ᠋ᠸᠷᠢᠩ ᠤᠨ ᠲᠤᠰᠬᠠᠢ ᠮᠡᠷᠭᠡᠵᠢᠯ ᠳ᠋ᠤ ᠡᠯᠰᠡᠬᠦᠯᠵᠡᠢ᠃

    — ᠲᠤᠬᠠᠢ ᠶᠢᠨ ᠦᠶ᠎ᠠ ᠳ᠋ᠤ ᠰᠤᠷᠠᠭ ᠵᠠᠩᠬᠢ ᠤᠲᠤ ᠶᠢᠨ ᠰᠢᠭ ᠲᠦᠭᠡᠮᠡᠯ ᠪᠢᠰᠢ ᠪᠠᠶᠢᠭᠰᠠᠨ ᠪᠤᠯᠬᠤᠷ ᠡᠯᠰᠡᠯᠲᠡ ᠶᠢᠨ ᠰᠢᠯᠭᠠᠯᠲᠠ ᠳᠤ ᠬᠡᠲᠦᠢ ᠬᠤᠪᠢ ᠤᠯᠤᠭᠰᠠᠨ ᠶᠢᠡᠨ ᠴᠤ ᠮᠡᠲᠡᠬᠦ ᠦᠭᠡᠢ᠂ ᠦᠪᠡᠷ ᠢᠶᠡᠨ ᠪᠠᠷᠤᠭᠴᠠᠭᠠᠯᠠᠵᠤ ᠲᠦᠰᠦᠭᠡᠯᠡᠲᠡᠭ ᠪᠠᠶᠢᠪᠠ᠃ ᠶᠡᠷᠦᠲᠡᠭᠡᠨ ᠦᠪᠡᠷ ᠤᠨ ᠢᠶᠡᠨ ᠬᠤᠪᠢ ᠶᠢ ᠲᠦᠰᠦᠭᠡᠯᠡᠬᠦ ᠳ᠋ᠤ ᠲᠠᠮᠠᠢ ᠵᠦᠷᠢᠲᠡᠭ ᠦᠭᠡᠢ ᠯᠠ ᠪᠠᠶᠢᠭᠰᠠᠨ ᠳ᠋ᠠ᠃ ᠤᠲᠤ ᠶᠡᠬᠡ ᠰᠤᠷᠭᠠᠭᠤᠯᠢ ᠳ᠋ᠤ ᠰᠢᠯᠭᠠᠭᠤᠯᠬᠤ ᠳ᠋ᠤ ᠰᠤᠷᠠᠭ ᠵᠠᠩᠬᠢ ᠬᠡᠲᠦᠢ ᠲᠦᠭᠦᠮ ᠲᠦᠲᠡ ᠪᠤᠯᠤᠭᠰᠠᠨ ᠪᠤᠢ!ᠬᠤᠪᠢ ᠪᠠᠨ ᠪᠠᠷᠤᠭᠴᠠᠭᠠᠯᠠᠭᠰᠠᠨ ᠤ ᠲᠠᠷᠠᠭ᠎ᠠ ᠠᠯᠢ ᠰᠤᠷᠭᠠᠭᠤᠯᠢ ᠳ᠋ᠤ ᠡᠷᠡᠮᠡᠯᠵᠡᠯ ᠲᠠᠯᠪᠢᠬᠤ ᠪᠠᠨ ᠴᠤ ᠮᠡᠲᠡᠬᠦ ᠦᠭᠡᠢ᠂ ᠰᠤᠷᠤᠭᠴᠢ ᠡᠯᠰᠡᠬᠦ ᠮᠡᠲᠡᠭᠲᠡᠯ ᠤᠨ ᠪᠢᠴᠢᠭ᠌ ᠢᠶᠡᠨ ᠴᠤ ᠤᠯᠬᠤ ᠳ᠋ᠤ ᠬᠦᠴᠢᠷ ᠪᠠᠶᠢᠯ᠎ᠠ᠃ ᠤᠯᠠᠭᠠᠨᠬᠤᠲᠠ ᠳ᠋ᠤ ᠰᠠᠭᠤᠭ᠎ᠠ ᠶᠡᠬᠡ ᠡᠭᠡᠴᠢ᠂ ᠬᠦᠷᠭᠡᠨ ᠠᠬ᠎ᠠ ᠶᠢᠨ ᠳ᠋ᠠᠭᠠᠨ ᠬᠦᠷᠴᠦ ᠠᠰᠠᠭᠤᠨ ᠰᠤᠷᠠᠬᠤ ᠪᠡᠷ ᠲᠠᠮᠵᠢᠨ ᠨᠢᠭᠡᠲᠦᠭᠡᠷ ᠡᠷᠡᠮᠡᠯᠵᠡᠯ ᠢᠶᠡᠨ ᠪᠡᠭᠡᠵᠢᠩ ᠶᠡᠬᠡ ᠰᠤᠷᠭᠠᠭᠤᠯᠢ ᠢ ᠲᠠᠭᠯᠠᠵᠤ᠂ ᠬᠤᠶᠠᠲᠤᠭᠠᠷ ᠡᠷᠡᠮᠡᠯᠵᠡᠯ ᠢᠶᠡᠨ《ᠵᠠᠮ ᠤᠨ ᠬᠦᠮᠦᠨ》 ᠤ ᠰᠠᠨᠠᠭᠤᠯᠭ᠎ᠠ ᠪᠡᠷ ᠳ᠋ᠠᠯᠢᠶᠠᠨ ᠤ ᠪᠠᠶᠢᠭᠠᠯᠢ ᠠᠵᠤ ᠦᠢᠯᠡᠳᠪᠦᠷᠢ ᠶᠢᠨ ᠶᠡᠬᠡ ᠰᠤᠷᠭᠠᠭᠤᠯᠢ ᠶᠢ ᠲᠠᠭᠯᠠᠵᠤ᠂ ᠬᠠᠮᠤᠭ ᠤᠨ ᠰᠡᠬᠦᠯ ᠳ᠋ᠤᠨᠢ ᠵᠡᠬᠦᠨ ᠬᠤᠶᠢᠲᠤ ᠶᠢᠨ ᠲᠠᠷᠢᠶᠠᠯᠠᠩ ᠤᠨ ᠶᠡᠬᠡ ᠰᠤᠷᠭᠠᠭᠤᠯᠢ ᠶᠢ ᠲᠠᠭᠯᠠᠭᠠᠳ ᠶᠠᠪᠤᠭᠤᠯᠤᠭᠰᠠᠨ ᠭᠡᠵᠦ ᠪᠤᠶᠠᠨᠬᠡᠰᠢᠭ᠌ ᠲᠤᠬᠠᠢ ᠶᠢᠨ ᠦᠶ᠎ᠠ ᠶᠢᠨ ᠶᠡᠬᠡ ᠰᠤᠷᠭᠠᠭᠤᠯᠢ ᠳ᠋ᠤ ᠰᠢᠯᠭᠠᠭᠤᠯᠤᠭᠰᠠᠨ ᠲᠤᠬᠠᠢ ᠪᠠᠨ ᠡᠷᠬᠢᠴᠡᠬᠦᠯᠦᠨ ᠶᠠᠷᠢᠨ᠎ᠠ᠃

    ᠪᠤᠶᠠᠨᠬᠡᠰᠢᠭ᠌ ᠤᠨ ᠶᠡᠬᠡ ᠰᠤᠷᠭᠠᠭᠤᠯᠢ ᠳ᠋ᠤ ᠡᠯᠰᠡᠭᠲᠡᠭᠰᠡᠨ ᠮᠡᠲᠡᠭᠲᠡᠯ ᠤᠨ ᠪᠢᠴᠢᠭ᠌ ᠨᠢ ᠬᠠᠷᠢᠨ ᠵᠡᠬᠦᠨ ᠬᠤᠶᠢᠲᠤ ᠶᠢᠨ ᠲᠠᠷᠢᠶᠠᠯᠠᠩ ᠤᠨ ᠶᠡᠬᠡ ᠰᠤᠷᠭᠠᠭᠤᠯᠢ ᠡᠴᠡ ᠢᠷᠡᠵᠡᠢ᠃ 1990 ᠤᠨ ᠤ ᠨᠠᠮᠤᠷ᠂ ᠬᠠᠷᠪᠢᠨ ᠬᠤᠲᠠ ᠶᠢ ᠵᠤᠷᠢᠵᠤ᠂ ᠵᠡᠬᠦᠨ ᠬᠤᠶᠢᠲᠤ ᠶᠢᠨ ᠶᠡᠬᠡ ᠰᠤᠷᠭᠠᠭᠤᠯᠢ ᠳ᠋ᠡᠬᠢ ᠤᠶᠤᠲᠠᠨ ᠠᠮᠢᠲᠤᠷᠠᠯ ᠢᠶᠡᠨ ᠡᠬᠢᠯᠡᠬᠦᠯᠪᠡ᠃ ᠪᠤᠶᠠᠨᠬᠡᠰᠢᠭ᠌ ᠶᠡᠬᠡ ᠰᠤᠷᠭᠠᠭᠤᠯᠢ ᠳ᠋ᠠᠭᠠᠨ ᠬᠦᠷᠦᠭᠰᠡᠨ ᠤ ᠲᠠᠷᠠᠭ᠎ᠠ ᠲᠡᠭᠦᠨ ᠲᠠᠢ ᠬᠠᠮᠲᠤ ᠰᠤᠷᠤᠯᠴᠠᠵᠤ ᠪᠠᠶᠢᠬᠤ ᠨᠦᠬᠦᠳ ᠤᠨ  ᠶᠢᠡᠨ ᠲᠤᠮᠲᠠ ᠦᠪᠡᠷ ᠤᠨ ᠬᠢᠨᠢ ᠶᠡᠬᠡ ᠰᠤᠷᠭᠠᠭᠤᠯᠢ ᠳ᠋ᠤ ᠡᠯᠰᠡᠭᠲᠡᠭᠰᠡᠨ ᠰᠢᠯᠭᠠᠯᠲᠠ ᠶᠢᠨ ᠬᠢᠷᠢ ᠪᠦᠲᠦᠮᠵᠢ ᠬᠠᠮᠤᠭ ᠤᠨ ᠦᠨᠳᠦᠷ ᠭᠡᠲᠡᠭ ᠢ ᠤᠯᠵᠤ ᠮᠡᠲᠡᠵᠡᠢ᠃ ᠨᠢᠭᠡ ᠤᠲᠠᠭ᠎ᠠ ᠪᠠᠶᠢᠷᠢ ᠶᠢᠨ ᠢᠶᠡᠨ ᠬᠠᠮᠲᠤ ᠰᠤᠷᠤᠭᠴᠢ ᠲᠠᠢ ᠬᠤᠭᠤᠯᠠ ᠢᠲᠡᠵᠦ ᠪᠠᠶᠢᠲᠠᠯ᠎ᠠ ᠲᠡᠷᠡ ᠬᠠᠮᠲᠤ ᠰᠤᠷᠤᠭᠴᠢ  ᠤᠨ ᠬᠢᠨᠢ ᠵᠡᠷᠭᠡᠯᠡᠲᠡᠭᠡ ᠰᠤᠷᠭᠠᠭᠤᠯᠢ ᠳ᠋ᠤ ᠰᠤᠷᠤᠯᠴᠠᠲᠠᠭ ᠨᠠᠶᠢᠵᠠ ᠨᠢ ᠢᠷᠡᠵᠦ ᠦᠪᠡᠷ ᠤᠨ ᠢᠶᠡᠨ ᠲᠤᠰᠬᠠᠢ ᠮᠡᠷᠭᠡᠵᠢᠯ ᠢ ᠲᠠᠨᠢᠯᠴᠠᠭᠤᠯᠵᠤ ᠭᠠᠷᠬᠤ ᠳ᠋ᠤ ᠪᠤᠶᠠᠨᠬᠡᠰᠢᠭ᠌ ᠲᠤ ᠶᠡᠬᠡ ᠯᠡ ᠰᠤᠨᠢᠨ ᠨᠢᠭᠤᠴᠠᠭᠠᠢ ᠰᠠᠨᠠᠭᠲᠠᠵᠠᠢ᠃ ᠲᠡᠷᠡ ᠨᠠᠷᠢᠯᠢᠬ ᠪᠤᠲᠤᠵᠤ ᠨᠢᠮᠪᠠᠢ ᠲᠤᠩᠭ᠋ᠠᠬᠤ ᠪᠡᠷ ᠲᠠᠮᠵᠢᠨ᠂ ᠬᠠᠷᠪᠢᠨ ᠤ ᠠᠵᠤ ᠦᠢᠯᠡᠳᠪᠦᠷᠢ ᠶᠢᠨ ᠶᠡᠬᠡ ᠰᠤᠷᠭᠠᠭᠤᠯᠢ ᠶᠢᠨ ᠰᠠᠨᠰᠠᠷ ᠠᠶᠠᠯᠠᠯ ᠤᠨ ᠴᠢᠭᠯᠡᠯ ᠢᠶᠡᠷ ᠠᠰᠫᠢᠷᠠᠨᠲ ᠰᠢᠯᠭᠠᠭᠤᠯᠬᠤ ᠪᠡᠷ ᠵᠤᠷᠢᠭ ᠰᠢᠭᠤᠳᠴᠤ᠂ ᠨᠤᠲᠤᠭ ᠤᠨ ᠠᠬ᠎ᠠ ᠪᠠᠨ ᠡᠷᠢᠵᠦ᠂ ᠲᠤᠰ ᠰᠤᠷᠭᠠᠭᠤᠯᠢ ᠳ᠋ᠤ ᠶᠠᠭᠠᠬᠢᠵᠤ ᠰᠢᠯᠭᠠᠭᠤᠯᠬᠤ ᠲᠤᠬᠠᠢ ᠠᠰᠠᠭᠤᠨ ᠰᠤᠷᠠᠵᠤ᠂ ᠲᠦᠷᠪᠡᠨ ᠵᠢᠯ ᠤᠷᠢᠳᠴᠢᠯᠠᠨ ᠪᠡᠯᠡᠳᠭᠡᠯ ᠬᠢᠭ᠍ᠰᠡᠨ ᠢᠶᠡᠷ 1994 ᠤᠨ ᠳ᠋ᠤ ᠬᠠᠷᠪᠢᠨ ᠤ ᠠᠵᠤ ᠦᠢᠯᠡᠳᠪᠦᠷᠢ ᠶᠢᠨ ᠶᠡᠬᠡ ᠰᠤᠷᠭᠠᠭᠤᠯᠢ ᠳ᠋ᠤ ᠠᠰᠫᠢᠷᠠᠨᠲ ᠪᠡᠷ ᠡᠯᠰᠡᠭᠲᠡᠨ᠂ 1999 ᠤᠨ ᠳ᠋ᠤ ᠮᠦᠨ ᠲᠤᠰ ᠰᠤᠷᠭᠠᠭᠤᠯᠢ ᠡᠴᠡ ᠨᠢᠰᠭᠦᠷ ᠤᠨ ᠳ᠋ᠢᠽᠠᠶᠢᠠ ᠤ ᠮᠡᠷᠭᠡᠵᠢᠯ ᠢᠶᠡᠷ ᠳ᠋ᠤᠺᠲ᠋ᠤᠷ ᠴᠤᠯᠠ ᠬᠠᠮᠭᠠᠯᠠᠪᠠ᠃

    ᠪᠤᠶᠠᠨᠬᠡᠰᠢᠭ᠌ ᠡᠷᠲᠡᠮ ᠰᠢᠨᠵᠢᠯᠡᠭᠡᠨ ᠤ ᠬᠤᠷᠠᠯ ᠳ᠋ᠤ ᠪᠡᠯᠡᠳᠭᠡᠯ ᠬᠢᠨ᠎᠎ᠡ

    — ᠭᠠᠲᠠᠭᠠᠲᠤ ᠬᠡᠯᠡᠨ ᠤ ᠰᠠᠭᠤᠷᠢ ᠪᠠᠷᠤᠭᠲᠠᠢ᠃ ᠶᠡᠬᠡ ᠰᠤᠷᠭᠠᠭᠤᠯᠢ ᠳ᠋ᠤ ᠪᠠᠶᠢᠬᠤ ᠬᠤᠭᠤᠴᠠᠭᠠᠨ ᠳᠤ ᠪᠠᠨ ᠠᠩᠭ᠍ᠯᠢ ᠬᠡᠯᠡᠨ ᠤ ᠬᠢᠴᠢᠶᠠᠯ ᠰᠤᠩᠭ᠋ᠤᠨ ᠰᠤᠷᠬᠤ ᠭᠡᠬᠦ ᠪᠡᠷ ᠪᠠᠭᠰᠢ ᠮᠠᠨ ᠤ ᠲᠦᠷᠪᠡᠨ ᠮᠤᠩᠭ᠋ᠤᠯ ᠵᠠᠯᠠᠭᠤ ᠶᠢ ᠠᠩᠭ᠍ᠯᠢ ᠬᠡᠯᠡᠨ ᠤ ᠰᠠᠭᠤᠷᠢ ᠮᠡᠲᠡᠯᠭᠡ ᠦᠭᠡᠢ ᠬᠡᠮᠡᠨ ᠶᠠᠫᠤᠨ ᠬᠡᠯᠡᠨ ᠤ ᠠᠩᠬᠢ ᠤᠷᠤᠭᠤ ᠰᠢᠯᠵᠢᠬᠦᠯᠪᠡ᠃ ᠲᠡᠭᠡᠭᠡᠳ ᠶᠠᠫᠤᠨ ᠬᠡᠯᠡᠨ ᠤ ᠠᠩᠬᠢ ᠳ᠋ᠤ ᠬᠦᠷᠬᠦ ᠪᠡᠷ ᠠᠷᠪᠠᠭᠠᠳ ᠰᠤᠯᠤᠩᠭ᠋ᠤᠰ ᠦᠨᠳᠦᠰᠦᠲᠡᠨ ᠤ ᠰᠤᠷᠤᠭᠴᠢ ᠪᠠᠶᠢᠭᠰᠠᠨ᠂ ᠪᠠᠭᠰᠢ ᠪᠢᠲᠠᠨ ᠢ ᠺᠠᠲ᠋ᠠᠺᠠᠨᠠ ᠦᠰᠦᠭ ᠢ ᠲᠠᠨᠢᠬᠤ ᠤᠤ ᠭᠡᠰᠡᠨ ᠳ᠋ᠤ ᠤᠷᠢᠳ ᠲᠤᠨᠢ ᠬᠢᠴᠢᠶᠠᠯ ᠴᠤ ᠤᠷᠤᠵᠤ ᠦᠩᠭᠡᠷᠡᠭᠰᠡᠨ ᠦᠭᠡᠢ ᠪᠤᠯᠬᠤᠷ ᠪᠠᠭᠰᠢ ᠳ᠋ᠤ ᠬᠦᠭᠡᠭᠡᠭ᠍ᠲᠡᠨ ᠭᠠᠷᠪᠠ᠃

    ᠲᠦᠷᠪᠡᠭᠦᠯᠡ ᠪᠠᠨ ᠶᠠᠭᠠᠬᠢᠪᠠᠴᠤ ᠭᠠᠲᠠᠭᠠᠲᠤ ᠬᠡᠯᠡ ᠰᠤᠷᠬᠤ ᠬᠡᠷᠡᠭᠲᠡᠢ ᠭᠡᠵᠦ ᠶᠠᠷᠢᠯᠴᠠᠨ᠂ ᠬᠢᠴᠢᠶᠠᠯ ᠬᠦᠮᠦᠵᠢᠯ ᠤᠨ ᠭᠠᠵᠠᠷ ᠢ ᠡᠷᠢᠬᠦ ᠪᠡᠷ ᠲᠤᠭᠲᠠᠪᠠ᠃ ᠬᠢᠴᠢᠶᠠᠯ ᠬᠦᠮᠦᠵᠢᠯ ᠤᠨ ᠭᠠᠵᠠᠷ ᠡᠴᠡ ᠨᠢᠭᠡ ᠦᠨᠳᠦᠷ ᠨᠠᠰᠤᠲᠠᠢ ᠡᠪᠦᠭᠡᠨ ᠪᠠᠭᠰᠢ ᠲᠠᠨᠢᠯᠴᠠᠭᠤᠯᠵᠤ᠂ ᠲᠦᠷᠪᠡᠨ ᠮᠤᠩᠭ᠋ᠤᠯ ᠵᠠᠯᠠᠭᠤ ᠶᠠᠫᠤᠨ ᠬᠡᠯᠡ ᠰᠤᠷᠬᠤ ᠠᠶᠠᠨ ᠢᠶᠡᠨ ᠡᠬᠢᠯᠡᠬᠦᠯᠦᠭᠰᠡᠨ ᠪᠢᠯᠡ᠃

    — ᠶᠡᠬᠡ ᠰᠤᠷᠭᠠᠭᠤᠯᠢ ᠳ᠋ᠤ ᠪᠠᠶᠢᠬᠤ ᠬᠤᠭᠤᠴᠠᠭᠠᠨ ᠳ᠋ᠤ ᠪᠠᠨ ᠰᠤᠷᠤᠯᠴᠠᠬᠤ ᠶᠢ ᠶᠡᠬᠡ ᠯᠡ ᠡᠷᠬᠢᠮᠯᠡᠲᠡᠭ᠂ ᠶᠠᠫᠤᠨ ᠬᠡᠯᠡᠨ ᠤ ᠲᠠᠩ ᠦᠭᠡᠰ ᠢ ᠴᠡᠭᠡᠵᠢᠯᠡᠭᠡᠳ ᠵᠤᠭᠰᠤᠬᠤ ᠦᠭᠡᠢ ᠡᠮᠦᠨ᠎ᠡ ᠬᠤᠶᠢᠨ᠎ᠠ ᠨᠢ ᠶᠠᠮᠠᠷ ᠦᠭᠡ ᠪᠠᠶᠢᠬᠤ ᠶᠢ ᠬᠦᠷᠲᠡᠯ᠎ᠡ ᠴᠡᠭᠡᠵᠢᠯᠡᠲᠡᠭ ᠪᠠᠶᠢᠭᠰᠠᠨ᠃ ᠨᠠᠰᠤᠲᠠᠢ ᠪᠠᠭᠰᠢ ᠶᠢᠨ ᠵᠢᠭᠠᠨ ᠵᠢᠯᠤᠭᠤᠲᠤᠯᠭ᠎ᠠ ᠪᠡᠷ ᠶᠠᠫᠤᠨ ᠬᠡᠯᠡᠨ ᠤ ᠲᠡᠰ ᠤᠨ ᠰᠢᠯᠭᠠᠯᠲᠠ ᠶᠢ ᠰᠢᠯᠤᠭᠤᠨ ᠦᠩᠭᠡᠷᠡᠭᠰᠡᠨ᠃ ᠬᠠᠷᠢᠨ ᠠᠩᠬᠢ ᠡᠴᠡ ᠪᠠᠨ ᠬᠦᠭᠡᠭᠡᠭ᠍ᠰᠡᠨ ᠶᠠᠫᠤᠨ ᠬᠡᠯᠡᠨ ᠤ ᠪᠠᠭᠰᠢ ᠶᠢᠨ ᠰᠤᠷᠤᠭᠴᠢᠳ ᠨᠢᠭᠡ ᠨᠢ ᠴᠤ ᠲᠡᠰ ᠦᠩᠭᠡᠷᠡᠵᠦ ᠴᠢᠲᠠᠭᠰᠠᠨ ᠦᠭᠡᠢ᠃

    ᠪᠤᠶᠠᠨᠬᠡᠰᠢᠭ᠌ ᠢᠩᠭᠢᠵᠦ ᠰᠢᠷᠭᠠᠭᠤ ᠬᠠᠲᠠᠭᠤᠵᠢᠯᠲᠠᠢ ᠴᠢᠷᠮᠠᠶᠢᠨ᠂ ᠳ᠋ᠤᠺᠲ᠋ᠤᠷ ᠴᠤᠯᠠ ᠬᠠᠮᠠᠭᠠᠯᠠᠵᠤ ᠰᠤᠷᠭᠠᠭᠤᠯᠢ ᠪᠠᠨ ᠲᠡᠭᠦᠰᠦᠭᠰᠡᠨ ᠤ ᠲᠠᠷᠠᠭ᠎ᠠ ᠶᠠᠫᠤᠨ᠂ ᠠᠩᠭ᠍ᠯᠢ ᠵᠡᠷᠭᠡ ᠤᠯᠤᠰ ᠲᠤ ᠬᠦᠷᠴᠦ ᠠᠵᠢᠯᠯᠠᠨ᠂ 2005 ᠤᠨ ᠳ᠋ᠤ ᠠᠩᠭ᠍ᠯᠢ ᠶᠢᠨ Strathclyde ᠶᠡᠬᠡ ᠰᠤᠷᠭᠠᠭᠤᠯᠢ ᠡᠴᠡ ᠴᠢᠩᠬᠤᠸᠠ ᠶᠡᠬᠡ ᠰᠤᠷᠭᠠᠭᠤᠯᠢ ᠳ᠋ᠤ ᠢᠷᠡᠵᠦ ᠠᠭᠠᠷ ᠰᠠᠨᠰᠠᠷ ᠤᠨ ᠰᠢᠨ᠎ᠡ ᠬᠦᠲᠡᠯᠭᠡᠭ᠍ᠴᠢ ᠬᠦᠴᠦᠨ ᠪᠠ ᠡᠵᠡᠮᠰᠢᠯ ᠤᠨ ᠰᠠᠯᠪᠤᠷᠢ ᠳ᠋ᠡᠬᠢ ᠰᠤᠲᠤᠯᠭᠠᠨ ᠢᠶᠡᠨ ᠡᠬᠢᠯᠡᠬᠦᠯᠪᠡ᠃ ᠪᠠᠶᠢᠭᠠᠯᠢ ᠶᠢᠨ ᠰᠢᠨᠵᠢᠯᠡᠭᠡᠨ ᠰᠤᠷᠤᠯᠴᠠᠭᠰᠠᠨ ᠲᠡᠷᠡᠪᠡᠷ ᠨᠢᠬᠲᠠ᠂ ᠨᠠᠷᠢᠯᠢᠭ᠂ ᠨᠢᠮᠪᠠᠢ ᠪᠠᠶᠢᠬᠤ ᠶᠢ ᠲᠤᠩ ᠬᠢᠴᠢᠶᠠᠨ ᠰᠤᠷᠤᠭᠴᠢᠳ ᠢᠶᠡᠨ ᠴᠤ ᠢᠩᠭᠢᠵᠦ ᠱᠠᠭᠠᠷᠲᠠᠵᠤ᠂ ᠲᠡᠰᠪᠦᠷᠢ ᠲᠡᠪᠴᠢᠶᠠᠷᠢ ᠲᠠᠢ ᠪᠠᠶᠢᠬᠤ ᠶᠢ ᠵᠠᠬᠢᠨ ᠰᠤᠷᠭᠠᠮᠵᠢᠯᠠᠲᠠᠭ᠃《ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠰᠤᠷᠤᠯᠭ᠎ᠠ ᠰᠠᠶᠢᠨ ᠡᠰᠡᠬᠦ ᠨᠢ ᠭᠡᠷ ᠤᠨ ᠠᠬᠠᠮᠠᠳ ᠲᠠᠢ ᠰᠢᠭᠤᠳ ᠬᠤᠯᠪᠤᠭ᠎ᠠ ᠲᠠᠢ᠂ ᠶᠡᠬᠡ ᠰᠤᠷᠭᠠᠭᠤᠯᠢ ᠶᠢᠨ ᠤᠶᠤᠲᠠᠳ ᠤᠨ ᠰᠤᠷᠤᠯᠭ᠎ᠠ ᠰᠠᠶᠢᠨ ᠡᠰᠡᠬᠦ ᠨᠢ ᠪᠠᠭᠰᠢ ᠲᠠᠢ ᠰᠢᠭᠤᠳ ᠬᠤᠯᠪᠤᠭ᠎ᠠ ᠲᠠᠢ》ᠭᠡᠵᠦ ᠦᠵᠡᠲᠡᠭ ᠲᠡᠷᠡ ᠪᠡᠷ ᠰᠤᠷᠤᠭᠴᠢᠳ   ᠢᠶᠡᠨ ᠰᠢᠨ᠎ᠡ ᠶᠢ ᠡᠭᠦᠳᠬᠦ ᠰᠡᠳᠬᠢᠭᠦᠢ ᠲᠠᠢ ᠪᠤᠯᠭᠠᠬᠤ᠂ ᠰᠤᠲᠤᠯᠭᠠᠨ ᠤ ᠦᠵᠡᠯ ᠤᠬᠠᠮᠰᠠᠷ ᠲᠠᠢ ᠪᠤᠯᠭᠠᠬᠤ ᠡᠴᠡ ᠭᠠᠷᠲᠠᠨ ᠬᠦᠮᠦᠨ ᠪᠤᠯᠬᠤ ᠶᠤᠰᠤᠨ  ᠢ ᠵᠢᠭᠠᠲᠠᠭ᠃

    — ᠪᠠᠶᠢᠭᠠᠯᠢ ᠶᠢᠨ ᠰᠢᠨᠵᠢᠯᠡᠭᠡᠨ ᠤ ᠤᠶᠤᠲᠠᠳ ᠲᠠᠢ ᠦᠷᠬᠦᠯᠵᠢ ᠬᠠᠮᠲᠤ ᠪᠠᠶᠢᠲᠠᠭ ᠪᠤᠯᠬᠤᠷ ᠲᠡᠲᠡᠨᠦᠰ ᠢ ᠢᠯᠡᠬᠦᠦ ᠰᠠᠶᠢᠨ ᠤᠶᠢᠯᠠᠭᠠᠲᠠᠭ᠃ ᠦᠭᠡ ᠲᠠᠭᠤ ᠴᠦᠬᠡᠨ ᠲᠠᠢ᠂ ᠭᠡᠬᠦ ᠳ᠋ᠤ ᠲᠤᠲᠤᠭᠠᠲᠤ ᠰᠡᠳᠬᠢᠯ ᠨᠢ ᠬᠡᠵᠢᠶᠠᠲᠠ ᠪᠠᠶᠠᠨ ᠪᠠᠶᠢᠲᠠᠭ᠃ ᠮᠢᠨᠦ ᠲᠠᠨᠢᠲᠠᠭ ᠰᠤᠷᠤᠭᠴᠢᠳ ᠡᠴᠡ ᠢᠷᠠᠭᠤ ᠨᠠᠶᠢᠷᠠᠭ᠂ ᠲᠠᠭᠤᠤ ᠬᠦᠭ᠍ᠵᠢᠮ ᠳ᠋ᠤ ᠪᠠᠬᠠᠲᠠᠢ ᠰᠤᠷᠤᠭᠴᠢᠳ ᠴᠤ ᠤᠯᠠᠨ ᠪᠠᠶᠢᠭ᠎ᠠ ᠶᠤᠮ᠃ ᠰᠤᠷᠤᠭᠴᠢᠳ ᠲᠠᠭᠠᠨ ᠢᠨᠠᠭ ᠤᠷᠤᠭ᠂ ᠬᠠᠷᠢᠯᠴᠠᠭᠠᠨ ᠤ ᠰᠤᠶᠤᠯ ᠤᠨ ᠲᠤᠬᠠᠢ ᠵᠢᠭᠠᠵᠤ ᠲᠤᠬᠢᠲᠠᠭ ᠶᠤᠮ᠃ ᠪᠠᠭᠰᠢ ᠪᠤᠯᠤᠭᠰᠠᠳ ᠬᠢᠴᠢᠶᠠᠯ ᠤᠨ ᠲᠠᠩᠬᠢᠮ ᠳ᠋ᠤ ᠨᠤᠮ ᠵᠢᠭᠠᠬᠤ ᠲᠡᠲᠦᠢ ᠯᠡ ᠪᠢᠰᠢ᠂ ᠬᠠᠷᠢᠨ ᠬᠦᠮᠦᠨ ᠬᠦᠮᠦᠵᠢᠬᠦᠯᠬᠦ ᠨᠢ ᠨᠡᠩ ᠴᠢᠬᠤᠯᠠ ᠪᠠᠶᠢᠲᠠᠭ ᠶᠤᠮ᠃

    ᠪᠤᠶᠠᠨᠬᠡᠰᠢᠭ᠌ ᠤᠨ ᠬᠦᠮᠦᠵᠢᠭᠦᠯᠦᠭᠰᠡᠨ ᠳ᠋ᠤᠺᠲ᠋ᠤᠷᠠᠨᠲ ᠤᠨ ᠲᠡᠭᠦᠰᠬᠦ ᠦᠭᠦᠯᠡᠯ ᠨᠢ 2013 ᠤᠨ ᠡᠴᠡ ᠡᠬᠢᠯᠡᠨ ᠲᠦᠷᠪᠡᠨ ᠵᠢᠯ ᠲᠠᠷᠠᠭᠠᠯᠠᠨ ᠴᠢᠩᠬᠤᠸᠠ ᠶᠡᠬᠡ ᠰᠤᠷᠭᠠᠭᠤᠯᠢ ᠳ᠋ᠠᠭᠠᠨ ᠳ᠋ᠤᠺᠲ᠋ᠤᠷ ᠤᠨ ᠰᠢᠯᠢᠲᠡᠭ ᠲᠡᠭᠦᠰᠬᠦ ᠦᠭᠦᠯᠡᠯ ᠢᠶᠡᠷ ᠰᠤᠩᠭ᠋ᠤᠭᠲᠠᠵᠤ᠂ 2016 ᠤᠨ ᠳ᠋ᠤ ᠨᠢᠭᠡ ᠳ᠋ᠤᠺᠲ᠋ᠤᠷᠠᠨᠲ ᠤᠨ ᠦᠬᠦᠯᠡᠯ ᠨᠢ ᠤᠯᠤᠰ ᠲᠠᠶᠠᠭᠠᠷ ᠤᠨ ᠳ᠋ᠤᠺᠲ᠋ᠤᠷᠠᠨᠲ ᠤᠨ ᠰᠢᠯᠢᠲᠡᠭ ᠦᠬᠦᠯᠡᠯ ᠢᠶᠡᠷ ᠰᠤᠩᠭ᠋ᠤᠭᠲᠠᠪᠠ᠃

    ᠪᠤᠶᠠᠨᠬᠡᠰᠢᠭ᠌ SCI ᠲᠡᠭᠡᠷ᠎ᠡ 100 ᠭᠠᠷᠤᠢ ᠦᠬᠦᠯᠡᠯ ᠵᠤᠬᠢᠶᠠᠯ ᠨᠡᠶᠢᠲᠡᠯᠡᠬᠦᠯᠵᠦ᠂ ᠬᠠᠮᠢᠶ᠎ᠠ ᠲᠠᠢ ᠪᠦᠲᠦᠭᠡᠯ ᠨᠢ 《ᠬᠦᠨ ᠤᠭᠲᠠᠷᠭᠤᠢ ᠶᠢᠨ ᠬᠦᠲᠡᠯᠭᠡᠭ᠍ᠴᠢ ᠬᠦᠴᠦᠨ ᠤ ᠬᠠᠶᠢᠯᠲᠠ ᠪᠠ ᠡᠵᠡᠮᠰᠢᠯ》 ᠭᠡᠬᠦ ᠨᠤᠮ ᠳ᠋ᠤ ᠬᠤᠷᠢᠶᠠᠭᠲᠠᠪᠠ᠃ ᠡᠭᠦᠨ ᠳ᠋ᠤ ᠵᠢᠵᠢᠭ᠌ ᠭᠠᠷᠠᠭ ᠢ ᠪᠠᠷᠢᠬᠤ᠂ ᠰᠠᠨᠰᠠᠷ ᠤᠨ ᠬᠤᠭ ᠨᠤᠪᠰᠢ ᠪᠡᠷ ᠬᠦᠲᠡᠯᠭᠡᠭ᠍ᠴᠢ ᠬᠦᠴᠦᠨ ᠪᠤᠯᠭᠠᠬᠤ ᠬᠤᠶᠠᠷ ᠲᠦᠰᠦᠯ ᠨᠢ MIT TechReview ᠦᠨᠡᠯᠡᠯᠲᠡ ᠶᠢ ᠬᠦᠷᠲᠡᠵᠦ᠂ ᠲᠡᠯᠡᠬᠡᠢ ᠨᠡᠶᠢᠲᠡ ᠶᠢᠨ ᠬᠢᠨ ᠤ ᠠᠩᠬᠠᠷᠤᠯ ᠳ᠋ᠤ ᠬᠦᠷᠦᠭᠰᠡᠨ ᠪᠦᠭᠡᠳ ᠦᠪᠡᠷ ᠢᠶᠡᠨ 2014 – 2016 ᠤᠨ ᠪᠤᠯᠲᠠᠯ᠎ᠠ ᠭᠤᠷᠪᠠᠨ ᠵᠢᠯ ᠲᠠᠷᠠᠭᠠᠯᠠᠨ Elsevier ᠨᠡᠶᠢᠲᠡᠯᠡᠭᠰᠡᠨ ᠲᠤᠮᠲᠠᠲᠤ ᠤᠯᠤᠰ ᠤᠨ ᠬᠠᠮᠤᠭ ᠤᠨ ᠦᠨᠳᠦᠷ ᠠᠰᠢᠭᠯᠠᠮᠵᠢ ᠲᠠᠢ ᠰᠤᠲᠤᠯᠤᠭᠠᠴᠢ ᠶᠢᠨ ᠨᠡᠷᠡᠰ ᠲᠤ ᠵᠢᠬᠰᠠᠭᠠᠭᠲᠠᠪᠠ᠃

    ᠪᠤᠶᠠᠨᠭᠡᠰᠢᠭ᠌ ᠤᠨ ᠭᠡᠷ ᠪᠦᠯᠢ ᠬᠠᠮᠲᠤ ᠶᠢᠨ ᠵᠢᠷᠤᠭ 

    ᠪᠤᠶᠠᠨᠬᠡᠰᠢᠭ᠌ ᠤᠨ ᠠᠵᠢᠯ ᠲᠤᠩ ᠶᠠᠭᠠᠷᠠᠤ ᠪᠠᠶᠢᠲᠠᠭ᠃ ᠲᠡᠷᠡ ᠡᠲᠦᠷ ᠪᠤᠯᠭᠠᠨ ᠡᠷᠲᠡᠯᠡᠨ ᠪᠤᠰᠴᠤ ᠬᠡᠦᠬᠡᠳ ᠢᠶᠡᠨ ᠰᠤᠷᠭᠠᠭᠤᠯᠢ ᠳ᠋ᠤᠨᠢ ᠬᠦᠷᠭᠡᠵᠦ᠂ ᠰᠦᠨᠢ ᠶᠢᠨ ᠠᠷᠪᠠᠨ ᠴᠠᠭ ᠭᠠᠷᠤᠢ ᠵᠠᠷᠢᠮ ᠳ᠋ᠠᠭᠠᠨ ᠦᠦᠷ ᠤᠨ ᠬᠤᠶᠠᠷ ᠭᠤᠷᠪᠠᠨ ᠴᠠᠭ ᠪᠤᠯᠲᠠᠯ᠎ᠠ ᠰᠢᠨᠵᠢᠯᠡᠭᠡ ᠰᠤᠲᠤᠯᠭ᠎ᠠ ᠬᠢᠵᠦ᠂ ᠦᠬᠦᠯᠡᠯ ᠵᠤᠬᠢᠶᠠᠯ ᠲᠤᠭᠤᠷᠪᠢᠵᠤ᠂ ᠨᠤᠮ ᠪᠢᠴᠢᠭ᠌ ᠦᠵᠡᠨ᠂ ᠬᠢᠴᠢᠶᠠᠯ ᠪᠡᠯᠡᠳᠭᠡᠨ ᠠᠵᠢᠯ ᠤᠨ ᠬᠤᠪᠢᠶᠡᠷᠢ ᠨᠢ ᠬᠡᠵᠢᠶᠠᠲᠠ ᠲᠦᠭᠦᠷᠡᠩ ᠪᠠᠶᠢᠲᠠᠭ᠃

    — ᠴᠠᠭ ᠢ ᠦᠷ᠎ᠠ ᠪᠦᠲᠦᠮᠵᠢ ᠲᠠᠢ ᠠᠰᠢᠭᠯᠠᠵᠤ ᠰᠤᠷᠬᠤ ᠬᠡᠷᠡᠭᠲᠡᠢ᠃ ᠴᠠᠭ ᠢ ᠨᠠᠨᠳᠢᠩᠨᠠᠨ ᠠᠰᠢᠭᠯᠠᠵᠤ ᠦᠷ᠎ᠠ ᠪᠦᠲᠦᠮᠵᠢ ᠲᠠᠢ ᠠᠵᠢᠯᠯᠠᠬᠤ ᠪᠡᠷ ᠬᠡᠲᠦᠨ ᠵᠢᠯ ᠤᠨ ᠲᠤᠷᠰᠢ ᠰᠤᠷᠭᠠᠭᠤᠯᠢ ᠶᠢᠨ ᠬᠦᠷᠢᠶᠠᠨ ᠳ᠋ᠤ ᠰᠠᠭᠤᠵᠤ᠂ ᠤᠲᠤ ᠴᠤ ᠭᠡᠰᠡᠨ ᠰᠤᠷᠭᠠᠭᠤᠯᠢ ᠡᠴᠡ ᠬᠤᠶᠠᠷ ᠭᠠᠵᠠᠷ ᠴᠤ ᠬᠦᠷᠬᠦ ᠦᠭᠡᠢ ᠵᠠᠢ ᠲᠠᠢ ᠰᠠᠭᠤᠵᠤ ᠪᠠᠶᠢᠨ᠎ᠠ᠃ ᠰᠡᠬᠦᠯ ᠤᠨ ᠦᠶ᠎ᠠ ᠳ᠋ᠤ ᠵᠠᠯᠠᠭᠤᠴᠤᠳ ᠭᠠᠷ ᠤᠲᠠᠰᠤᠨ ᠳ᠋ᠤ ᠶᠡᠬᠡ ᠯᠡ ᠰᠢᠨᠤᠵᠤ᠂ ᠴᠠᠭ ᠦᠷᠡᠭᠡᠵᠦ ᠪᠠᠶᠢᠨ᠎ᠠ᠃ ᠡᠭᠦᠨ ᠳ᠋ᠤᠨᠢ ᠪᠢ ᠶᠡᠬᠡ ᠬᠠᠷᠠᠮᠰᠠᠲᠠᠭ ᠃《ᠶᠠᠭᠤᠨ ᠤ ᠬᠦᠮᠦᠨ ᠶᠠᠭᠤᠨ ᠳ᠋ᠠᠭᠠᠨ》ᠭᠡᠰᠡᠭ ᠦᠭᠡ ᠪᠠᠶᠢᠲᠠᠭ᠂ ᠤᠶᠤᠲᠠᠨ ᠠᠬᠤᠢ ᠴᠠᠭ ᠲᠠᠭᠠᠨ ᠰᠤᠷᠤᠯᠴᠠᠬᠤ ᠪᠤᠯ ᠬᠠᠮᠤᠭ ᠤᠨ ᠴᠢᠬᠤᠯᠠ᠂ ᠦᠪᠡᠷ ᠤᠨ ᠢᠶᠡᠨ ᠬᠦᠰᠡᠯ ᠮᠦᠷᠦᠭᠡᠲᠦᠯ ᠤᠨ ᠵᠦᠭ ᠵᠤᠷᠢᠭ ᠴᠤᠴᠠᠯᠲᠠ ᠦᠭᠡᠢ ᠴᠢᠷᠮᠠᠶᠢᠨ ᠲᠡᠮᠡᠦᠯᠡᠲᠡᠭ ᠲᠤ ᠬᠦᠷᠪᠡᠯ ᠵᠤᠷᠢᠭᠰᠠᠨ ᠳ᠋ᠠᠭᠠᠨ ᠬᠦᠷᠬᠦ ᠨᠢ ᠯᠠᠪᠲᠠᠢ ᠶᠤᠮ᠃

    ᠰᠤᠷᠪᠤᠯᠵᠢᠯᠠᠭᠰᠠᠨ ᠤ ᠲᠠᠷᠠᠭ᠎ᠠ᠄

    ᠪᠤᠶᠠᠨᠬᠡᠰᠢᠭ᠌ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠤᠶᠤᠲᠠᠳ ᠲᠤ ᠢᠯᠡᠳᠭᠡᠯ ᠬᠢᠬᠦ ᠶᠢᠨ ᠦᠶ᠎ᠠ ᠪᠡᠷ ᠪᠠᠭᠰᠢᠲᠠᠨ ᠢ ᠰᠤᠷᠪᠤᠯᠵᠢᠯᠠᠬᠤ ᠠᠵᠠ ᠲᠤᠬᠢᠶᠠᠵᠤ᠂ ᠶᠠᠷᠢᠶ᠎ᠠ ᠬᠦᠭᠡᠷᠦᠭᠡ ᠲᠠᠢ ᠠᠲᠠᠯ᠎ᠠ ᠴᠠᠭᠠᠨ᠎ᠠ ᠪᠠᠨ ᠨᠢᠭᠡ ᠯᠡ ᠶᠠᠭᠤᠮ᠎ᠠ ᠪᠤᠲᠤᠵᠤ ᠰᠡᠳᠬᠢᠵᠦ ᠪᠠᠶᠢᠭ᠎ᠠ ᠬᠡᠮᠡᠷ᠂ ᠪᠢᠲᠠᠨ ᠤ ᠰᠤᠷᠪᠤᠯᠵᠢᠯᠠᠭ᠎ᠠ ᠢᠩᠬᠢᠵᠦ ᠶᠠᠪᠤᠭᠲᠠᠭᠰᠠᠨ ᠪᠠᠶᠢᠲᠠᠭ᠃ ᠲᠡᠭᠡᠷ᠎ᠡ ᠵᠠᠭᠤᠨ ᠤ ᠨᠠᠶᠠ ᠶᠡᠷᠡᠭᠡᠳ ᠤᠨ ᠤ ᠨᠡᠶᠢᠭᠡᠮ ᠠᠬᠤᠢ ᠳ᠋ᠤ ᠬᠡᠦᠬᠡᠳ ᠢᠶᠡᠨ ᠰᠤᠷᠭᠠᠭᠤᠯᠢ ᠰᠤᠶᠤᠯ ᠤᠨ ᠮᠦᠷ ᠬᠦᠭᠡᠭᠡᠯᠭᠡᠨ᠂ ᠳ᠋ᠤᠺᠲ᠋ᠤᠷ ᠵᠡᠷᠭᠡ ᠳ᠋ᠤ ᠬᠦᠷᠭᠡᠨ᠎ᠡ ᠭᠡᠲᠡᠭ ᠪᠤᠯ ᠶᠡᠬᠡ ᠯᠡ ᠰᠡᠭᠡᠭᠡᠷᠡᠭᠰᠡᠨ ᠮᠤᠩᠭ᠋ᠤᠯ ᠠᠶᠢᠯ ᠪᠠᠶᠢᠵᠤ ᠳ᠋ᠠ᠃ ᠰᠤᠷᠪᠤᠯᠵᠢᠯᠠᠭ᠎ᠠ ᠶᠢᠨ ᠲᠤᠮᠲᠠ ᠡᠴᠡ ᠤᠶᠢᠯᠠᠭᠠᠭᠰᠠᠨ ᠢᠶᠡᠷ᠂ ᠪᠤᠶᠠᠨᠬᠡᠰᠢᠭ᠌ ᠠᠬ᠎ᠠ ᠡᠭᠡᠴᠢ ᠲᠡᠭᠦᠦ ᠲᠤᠯᠤᠭᠤᠯᠠ᠂ ᠬᠤᠶᠠᠲᠤᠭᠠᠷ ᠡᠭᠡᠴᠢ ᠨᠢ ᠠᠢᠢᠯ ᠭᠡᠷ ᠤᠨ ᠢᠶᠡᠨ ᠠᠵᠢᠯ ᠢ ᠬᠠᠪᠰᠤᠷᠬᠤ ᠪᠡᠷ ᠰᠤᠷᠤᠯᠭ᠎ᠠ ᠵᠤᠭᠰᠤᠭᠰᠠᠨ ᠡᠴᠡ ᠪᠤᠰᠤᠳ ᠨᠢ ᠪᠦᠷ ᠰᠤᠷᠭᠠᠭᠤᠯᠢ ᠰᠤᠶᠤᠯ ᠤᠨ ᠮᠦᠷ ᠬᠦᠭᠡᠭᠡᠵᠦ᠂ ᠴᠦᠮ ᠢᠶᠡᠷ ᠢᠶᠡᠨ ᠪᠠᠭᠰᠢ ᠶᠢᠨ ᠠᠯᠲᠠᠷ ᠵᠡᠬᠦᠵᠦ ᠶᠠᠪᠤᠭ᠎ᠠ ᠨᠢ ᠶᠠᠭᠤᠲᠠᠢ ᠮᠠᠭᠲᠠᠭᠤᠰᠢᠲᠠᠢ ᠠᠵᠢ᠃ ᠲᠤᠬᠠᠢ ᠶᠢᠨ ᠨᠡᠶᠢᠭᠡᠮ ᠤᠨ ᠪᠠᠶᠢᠲᠠᠯ ᠳ᠋ᠤ ᠶᠠᠫᠤᠨ ᠬᠡᠯᠡ ᠶᠢ ᠵᠤᠷᠢᠭᠲᠠᠢ ᠰᠤᠷᠤᠯᠴᠠᠵᠤ᠂ ᠬᠦᠴᠢᠷ ᠪᠡᠷᠬᠡᠰᠢᠶᠡᠯ ᠢ ᠢᠯᠠᠨ᠂ ᠠᠰᠫᠢᠷᠠᠨᠲ ᠳ᠋ᠤᠺᠲ᠋ᠤᠷ ᠬᠠᠮᠠᠭᠠᠯᠠᠵᠤ᠂ ᠬᠠᠷᠢ ᠭᠠᠲᠠᠭᠠᠲᠤ ᠪᠡᠷ ᠰᠤᠷᠤᠯᠴᠠᠨ᠂ ᠮᠡᠲᠡᠯᠭᠡ ᠮᠡᠷᠭᠡᠵᠢᠯ ᠢᠶᠡᠨ ᠲᠡᠭᠡᠭ᠍ᠰᠢᠯᠡᠬᠦᠯᠵᠦ᠂ ᠡᠬᠡ ᠤᠷᠤᠨ ᠤ ᠪᠠᠨ ᠰᠠᠨᠰᠠᠷ ᠠᠶᠠᠯᠠᠯ ᠤᠨ ᠦᠢᠯᠡᠰ ᠤᠨ ᠲᠦᠯᠦᠭᠡ ᠵᠢᠳᠬᠦᠵᠦ ᠶᠠᠪᠤᠭ᠎ᠠ ᠦᠢᠯᠡ ᠶᠠᠪᠤᠲᠠᠯ ᠨᠢ ᠵᠠᠯᠠᠭᠤ ᠨᠢᠭᠡ ᠦᠶ᠎ᠠ ᠶᠢᠨ ᠬᠦᠮᠦᠰ ᠤᠨ ᠰᠤᠷᠤᠯᠴᠠᠬᠤ ᠲᠠᠭᠤᠷᠢᠶᠠᠯ ᠪᠤᠯᠬᠤ ᠶᠤᠰᠤᠲᠠᠢ᠃ ᠲᠡᠷᠡᠪᠡᠷ ᠲᠦᠷᠦ ᠶᠢᠨ ᠰᠢᠯᠭᠠᠷᠠᠭᠰᠠᠨ ᠵᠠᠯᠠᠭᠤᠴᠤᠳ ᠤᠨ ᠹᠤᠨᠳ᠋ ᠤᠨ ᠮᠦᠩᠬᠦ ᠶᠢ ᠬᠦᠷᠲᠡᠭᠰᠡᠨ  ᠨᠢ ᠰᠠᠨᠰᠠᠷ ᠠᠶᠠᠯᠠᠯ ᠤᠨ ᠲᠤᠨᠤᠭ ᠲᠦᠭᠦᠭᠡᠷᠦᠮᠵᠢ ᠶᠢᠨ ᠬᠦᠲᠡᠯᠭᠡᠭ᠍ᠴᠢ ᠬᠦᠴᠣᠨ ᠪᠠ ᠡᠵᠡᠮᠰᠢᠯ ᠤᠨ ᠴᠢᠭᠯᠡᠯ ᠡᠴᠡ ᠠᠩᠬᠠᠲᠠᠭᠴᠢ ᠪᠤᠯᠤᠨ᠎ᠠ᠃ ᠤᠲᠤAstrodynamicsᠰᠡᠳᠬᠦᠯ ᠤᠨ ᠶᠡᠷᠦᠩᠬᠡᠶ ᠨᠠᠶᠢᠷᠠᠭᠤᠯᠤᠭᠴᠢ᠂ ᠠᠮᠸᠷᠢᠺᠠ ᠶᠢᠨ ᠰᠠᠨᠰᠠᠷ ᠠᠶᠠᠯᠠᠯ ᠤᠨ ᠨᠡᠶᠢᠭᠡᠮᠯᠢᠭ᠌ ᠤᠨ ᠭᠡᠰᠢᠬᠦᠨ᠂ ᠱᠠᠩᠬᠠᠢ ᠶᠢᠨ ᠤᠷᠤᠨ ᠵᠠᠢ ᠶᠢᠨ ᠤᠬᠠᠭᠠᠯᠢᠭ ᠡᠵᠡᠮᠲᠡᠯ ᠤᠨ ᠴᠢᠬᠤᠯᠠ ᠲᠤᠷᠰᠢᠯᠲᠠ ᠶᠢᠨ ᠲᠠᠰᠤᠭ ᠤᠨ ᠰᠤᠲᠤᠯᠤᠭᠠᠴᠢ᠂《Science China》 ᠤ᠋ᠨ ᠨᠠᠶᠢᠷᠠᠭᠤᠯᠬᠤ ᠺᠤᠮᠢᠰ ᠤᠨ ᠭᠡᠰᠢᠬᠦᠨ᠂《ᠬᠦᠨ ᠤᠭᠲᠠᠷᠭᠤᠢ ᠶᠢᠨ ᠬᠠᠶᠢᠨ ᠰᠢᠨᠵᠢᠯᠡᠯᠲᠡ ᠶᠢᠨ ᠡᠷᠲᠡᠮ ᠰᠢᠨᠵᠢᠯᠡᠭᠡᠨ ᠤ ᠰᠡᠳᠬᠦᠯ》ᠨᠠᠶᠢᠷᠠᠭᠤᠯᠬᠤ ᠺᠤᠮᠢᠰ ᠤᠨ ᠪᠠᠶᠢᠩᠭ᠋ᠤ ᠶᠢᠨ ᠭᠡᠰᠢᠬᠦᠨ ᠤ ᠲᠤᠰᠢᠶᠠᠯ ᠢ ᠬᠠᠷᠢᠭᠤᠴᠠᠬᠤ ᠶᠢᠨ ᠬᠠᠮᠲᠤ ᠤᠷᠠᠨ ᠲᠠᠷᠬᠠᠨ ᠤ ᠵᠤᠷᠢᠭ ᠰᠠᠨᠠᠭ᠎ᠠ ᠪᠡᠷ ᠰᠤᠲᠤᠯᠭᠠᠨ ᠤ ᠪᠠᠶᠢᠷᠢᠨ ᠳ᠋ᠠᠭᠠᠨ ᠴᠢᠷᠮᠠᠶᠢᠨ ᠠᠵᠢᠯᠯᠠᠵᠤ᠂ ᠰᠤᠷᠤᠭᠴᠢ ᠬᠦᠮᠦᠵᠢᠬᠦᠯᠦᠭᠰᠡᠭᠡᠷ ᠶᠠᠪᠤᠨ᠎ᠠ ᠁

          ( ᠵᠢᠷᠤᠭ ᠢ ᠪᠤᠶᠠᠨᠬᠡᠰᠢᠭ᠌ ᠬᠠᠩᠭ᠋ᠠᠪᠠ )

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121048254