ᠦᠪᠦᠷ ᠮᠤᠩᠭ᠋ᠤᠯ ᠤᠨ ᠪᠤᠺᠰ ᠤᠨ ᠰᠫᠤᠷᠲ  ᠢ ᠤᠯᠢᠮᠫᠢᠺ ᠤᠨ ᠲᠠᠪᠴᠡᠩ ᠳ᠋ᠦ ᠭᠠᠷᠭᠠᠬᠰᠠᠨ ᠰᠠᠭᠤᠷᠢ《 ᠴᠢᠯᠠᠭᠤ》 2017-07-14 09:30

    ᠰᠢᠨᠬᠤᠸᠠ ᠮᠤᠩᠭ᠋ᠤᠯ ᠨᠧᠲ  ᠬᠦᠬᠡᠬᠤᠳᠠ ᠶᠢᠨ 7 ᠰᠠᠷ᠎ᠠ ᠶᠢᠨ 12 ᠤᠨ ᠡᠳᠤᠷ ᠤᠨ ᠴᠠᠬᠢᠯᠭᠠᠨ ᠮᠡᠳᠡᠬᠡ (ᠰᠤᠷᠤᠶ᠎ᠠ  ᠪᠠᠢ ᠯᠢᠩ ᠳ᠋ᠢ) ᠳᠡᠬᠡᠷ᠎ᠡ ᠵᠠᠭᠤᠨ ᠤᠨ ᠰᠡᠬᠦᠯᠴᠢ ᠪᠡᠷ ᠦᠪᠦᠷ ᠮᠤᠩᠭ᠋ᠤᠯ ᠤᠨ ᠪᠤᠺᠰ ᠤᠨ ᠳᠠᠪᠴᠠᠩ ᠳᠤ ᠤᠳᠤ ᠪᠤᠯᠤᠨ ᠬᠢᠯᠠᠯᠵᠠᠵᠤ᠂ ᠤᠯᠢᠮᠫᠢᠺ ᠤᠨ ᠲᠠᠮᠢᠷ ᠤᠨ ᠴᠢᠭᠤᠯᠭᠠᠨ ᠳᠤ ᠦᠪᠦᠷ ᠮᠤᠩᠭ᠋ᠤᠯ ᠪᠤᠺᠰᠴᠢᠨ ᠤ ᠠᠯᠳᠠᠷ ᠢ ᠳᠠᠭᠤᠳᠠᠭᠤᠯᠵᠤ᠂ ᠦᠪᠦᠷ ᠮᠤᠩᠭ᠋ᠤᠯ ᠤᠨ ᠪᠤᠺᠰ ᠤᠨ ᠰᠫᠤᠷᠲ  ᠤᠨ ᠬᠦᠭ᠍ᠵᠢᠯ ᠳᠤ ᠨᠢᠬᠡ ᠶᠤᠰᠤᠨ ᠤ ᠭᠠᠪᠢᠶ᠎ᠠ ᠪᠠᠶᠢᠭᠤᠯᠤᠭᠰᠠᠨ ᠨᠢᠬᠡᠨ ᠬᠦᠮᠦᠨ ᠢ ᠴᠢᠯᠠᠭᠤ ᠭᠡᠳᠡᠭ᠃

    ᠴᠢᠯᠠᠭᠤ᠂ ᠮᠣᠩ᠋ᠭᠤᠯ ᠦᠨᠳᠦᠰᠦᠲᠠᠨ᠂ 1972 ᠤᠨ ᠳᠤ ᠤᠯᠠᠭᠠᠨᠬᠠᠲᠠ ᠬᠤᠲᠠ ᠶᠢᠨ ᠤᠩᠨᠢᠭᠤᠳ ᠬᠤᠰᠢᠭᠤᠨ ᠤ ᠪᠠᠶᠠᠨᠳᠠᠯ᠎ᠠ ᠰᠤᠮᠤ ᠶᠢᠨ ᠪᠤᠶᠠᠨᠳᠠᠢ ᠭᠠᠴᠠᠭ᠎ᠠ ᠳᠤ ᠲᠦᠷᠦᠵᠡᠢ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠡᠰᠢᠬᠦᠨ᠂ ᠤᠯᠤᠰ ᠤᠨ ᠵᠡᠷᠭᠡᠯᠡᠯ ᠤᠨ ᠳᠠᠰᠬᠠᠯᠵᠢᠭᠤᠯᠤᠭᠴᠢ᠂ ᠤᠳᠤ ᠪᠡᠷ ᠦᠪᠦᠷ ᠮᠤᠩᠭ᠋ᠤᠯ ᠤᠨ ᠪᠦᠬᠡ᠂ ᠪᠤᠺᠰ᠂ ᠲᠠᠶᠧᠺᠤᠨᠳ᠋ᠣ᠋᠂ ᠬᠦᠨᠳᠤ ᠡᠷᠬᠦᠯᠳᠡ ᠶᠢᠨ ᠬᠠᠮᠢᠶᠠᠷᠤᠯᠳᠠ ᠶᠢᠨ ᠲᠦᠪ ᠤᠨ ᠡᠷᠬᠢᠯᠡᠭᠴᠢ ᠶᠢᠨ ᠠᠯᠪᠠ ᠲᠠᠢ᠃

    ᠴᠢᠯᠠᠭᠤ 1986 ᠤᠨ ᠳᠤ ᠤᠯᠠᠭᠠᠨᠬᠠᠳᠠ ᠶᠢᠨ ᠲᠠᠮᠢᠷ ᠤᠨ ᠰᠤᠷᠭᠠᠭᠤᠯᠢ ᠶᠢᠨ ᠵᠢᠤᠳᠤᠤ ᠪᠦᠭᠡ ᠶᠢᠨ ᠲᠠᠮᠢᠷᠴᠢᠨ ᠪᠠᠶᠢᠭᠰᠠᠨ᠂ 1988 ᠤᠨ ᠳᠤ ᠪᠤᠭᠤᠳᠤ ᠳᠤ ᠪᠤᠯᠤᠭᠰᠠᠨ ᠤᠷᠤᠨ ᠲᠠᠶᠠᠭᠠᠷ ᠤᠨ ᠵᠢᠤᠳᠤᠤ ᠪᠦᠬᠡ ᠶᠢᠨ ᠲᠡᠮᠡᠴᠡᠬᠡᠨ ᠳᠤ ᠤᠷᠤᠯᠴᠠᠵᠤ᠂ ᠰᠢᠯᠢᠳᠡᠭ ᠪᠦᠳᠦᠮᠵᠢ ᠤᠯᠬᠤ ᠳᠤ ᠬᠦᠷᠪᠡᠯ ᠦᠪᠦᠷ ᠮᠤᠩᠭ᠋ᠤᠯ ᠤᠨ ᠵᠢᠤᠳᠤᠤ ᠪᠦᠭᠡ ᠶᠢᠨ ᠠᠩᠬᠢ ᠳᠤ ᠡᠯᠰᠡᠭᠳᠡᠬᠦ ᠪᠤᠯᠤᠮᠵᠢ ᠲᠠᠢ ᠪᠠᠶᠢᠯ᠎ᠠ᠃ ᠬᠡᠪᠡᠴᠤ ᠰᠢᠷᠬᠠᠳᠤᠭᠰᠠᠨ ᠡᠴᠡ ᠪᠤᠯᠤᠭᠠᠳ ᠡᠨᠡ ᠬᠦᠰᠡᠯ ᠨᠢ ᠪᠡᠶᠡᠯᠡᠭᠳᠡᠵᠤ ᠴᠢᠳᠠᠭ᠎ᠠ ᠦᠭᠡᠢ᠃ ᠬᠡᠪᠡᠴᠤ ᠬᠦᠳᠡᠬᠡ ᠶᠢᠨ ᠪᠤᠷᠤ ᠬᠦᠦ ᠵᠤᠷᠢᠭ ᠮᠤᠬᠤᠭ᠎ᠠ ᠦᠬᠡᠢ᠂ ᠦᠪᠡᠷ ᠤᠨ ᠬᠤᠪᠢ ᠵᠠᠶᠠᠭ᠎ᠠ ᠪᠡᠨ ᠬᠤᠪᠢᠷᠠᠭᠤᠯᠤᠶ᠎ᠠ ᠬᠡᠬᠦ ᠭᠠᠭᠴᠠ ᠪᠤᠳᠤᠯ ᠢᠶᠡᠷ ᠦᠷᠬᠦᠯᠵᠢᠯᠡᠨ ᠳᠠᠰᠬᠠᠯᠵᠢᠵᠤ᠂ ᠶᠠᠭ ᠲᠤᠰ ᠵᠢᠯ ᠤᠨ 10 ᠰᠠᠷ᠎ᠠ ᠳᠤ ᠰᠢᠨ᠎ᠡ ᠪᠡᠷ ᠪᠠᠶᠢᠭᠤᠯᠤᠭᠳᠠᠠ ᠲᠠᠮᠢᠷᠴᠢᠨ ᠡᠯᠰᠡᠵᠤ ᠡᠬᠢᠯᠡᠭᠰᠡᠨ ᠦᠪᠦᠷ ᠮᠤᠩᠭ᠋ᠤᠯ ᠤᠨ ᠪᠤᠺᠰ ᠤᠨ ᠠᠩᠬᠢ ᠳᠤ ᠨᠡᠷ᠎ᠡ ᠮᠡᠳᠡᠬᠦᠯᠤᠨ ᠰᠢᠯᠭᠠᠭᠤᠯᠤᠭᠠᠳ ᠲᠤᠰ ᠠᠩᠬᠢ ᠶᠢᠨ ᠨᠢᠬᠡ ᠬᠡᠰᠢᠬᠦᠨ ᠪᠤᠯᠵᠤ ᠪᠤᠺᠰ ᠤᠨ ᠲᠠᠮᠢᠷᠴᠢᠨ ᠤ ᠠᠶᠠᠨ ᠢᠶᠡᠨ ᠡᠬᠢᠯᠡᠬᠦᠯᠤᠭ᠍ᠰᠡᠨ ᠪᠠᠶᠢᠨ᠎ᠠ᠃ ᠬᠤᠶᠠᠷ ᠵᠢᠯ ᠤᠨ ᠰᠢᠷᠭᠠᠭᠤ ᠪᠤᠯᠪᠠᠰᠤᠷᠠᠯ ᠬᠦᠷᠳᠡᠭᠰᠡᠨ ᠤ ᠳᠠᠷᠠᠭ᠎ᠠ᠂ 1991 ᠤᠨ ᠤ 9 ᠰᠠᠷ᠎ᠠ ᠳ᠋ᠦ ᠪᠤᠯᠤᠭᠰᠠᠨ ᠤᠯᠤᠰ ᠳᠠᠶᠠᠭᠠᠷ ᠤᠨ ᠪᠤᠺᠰ ᠤᠨ ᠠᠪᠤᠷᠭᠤ ᠶᠢᠨ ᠲᠡᠮᠡᠴᠡᠭᠡᠨ ᠤ 75 ᠺᠢᠯᠤᠭ᠍ᠷᠠᠮ ᠤᠨ ᠬᠦᠨᠳᠦ ᠶᠢᠨ ᠵᠢᠩ ᠳᠤ ᠦᠷᠢᠰᠦᠯᠳᠦᠵᠤ ᠠᠪᠤᠷᠭᠤ ᠪᠤᠯᠤᠯ᠎ᠠ᠃ 1992 ᠤᠨ ᠳᠤ ᠤᠯᠤᠰ ᠳᠠᠶᠠᠭᠠᠷ ᠤᠨ ᠪᠤᠺᠰ ᠤᠨ ᠮᠠᠩᠯᠠᠢ ᠰᠢᠯᠭᠠᠷᠠᠭᠤᠯᠬᠤ ᠲᠡᠮᠡᠴᠡᠭᠡᠨ ᠵᠢᠴᠢ ᠤᠯᠢᠮᠫᠢᠺ ᠤᠨ ᠰᠢᠭᠰᠢᠬᠡ ᠲᠡᠮᠡᠴᠡᠭᠡᠨ ᠤ 75 ᠺᠢᠯᠤᠭ᠍ᠷᠠᠮ ᠤᠨ ᠬᠦᠨᠳᠦ ᠶᠢᠨ ᠵᠢᠩ ᠳᠤ ᠮᠦᠨ ᠮᠠᠩᠯᠠᠶᠢᠯᠠᠪᠠ᠃ 1992 ᠤᠨ ᠳᠤ ᠲᠠᠶᠢᠯᠠᠨᠳ᠋ ᠤᠨ ᠪᠠᠩᠺᠤᠺ ᠲᠤ ᠪᠤᠯᠤᠭᠰᠠᠨ ᠠᠽᠢᠶ᠎ᠠ ᠲᠢᠪ ᠤᠨ ᠮᠠᠩᠯᠠᠢ ᠰᠢᠯᠭᠠᠷᠠᠭᠤᠯᠬᠤ ᠲᠡᠮᠡᠴᠡᠭᠡᠨ ᠵᠢᠴᠢ ᠤᠯᠢᠮᠫᠢᠺ ᠤᠨ ᠰᠢᠭᠰᠢᠬᠡ ᠲᠡᠮᠡᠴᠡᠭᠡᠨ ᠤ 75 ᠺᠢᠯᠤᠭ᠍ᠷᠠᠮ ᠤᠨ ᠬᠦᠨᠳᠦ ᠶᠢᠨ ᠵᠢᠩ ᠳᠤ ᠭᠤᠷᠪᠠᠳᠤᠭᠠᠷ ᠪᠠᠶᠢᠷᠢᠨ ᠳᠤ ᠳᠤᠳᠤᠷᠠᠭᠰᠠᠨ ᠪᠦᠭᠡᠳ ᠤᠯᠢᠮᠫᠢᠺ ᠲᠦ ᠤᠷᠤᠯᠴᠠᠬᠤ ᠡᠷᠭᠡ ᠤᠯᠵᠤ᠂ 7 ᠰᠠᠷ᠎ᠠ ᠳᠤ ᠨᠢ ᠬᠤᠷᠢᠨ ᠲᠠᠪᠤᠳᠤᠭᠠᠷ ᠬᠤᠭᠤᠴᠠᠭᠠᠨ ᠤ ᠪᠠᠷᠰᠧᠯᠤᠨᠠ ᠶᠢᠨ ᠤᠯᠢᠮᠫᠢᠺ ᠤᠨ ᠲᠠᠮᠢᠷ ᠤᠨ ᠴᠢᠭᠤᠯᠭᠠᠨ ᠳᠤ ᠤᠷᠤᠯᠴᠠᠭᠰᠠᠨ ᠡᠴᠡ ᠥᠪᠦᠷ ᠮᠣᠩ᠋ᠭᠤᠯ ᠤᠨ ᠪᠣᠺᠰ ᠤᠨ ᠠᠩᠬᠢ ᠶᠢᠨ ᠬᠠᠮᠤᠭ ᠤᠨ ᠠᠩᠬᠠᠨ ᠤ ᠣᠯᠢᠮᠫᠢᠺ ᠳᠤ ᠤᠷᠤᠯᠴᠠᠬᠰᠠᠨ ᠲᠠᠮᠢᠷᠴᠢᠨ ᠪᠤᠯᠪᠠ᠃ 

    ᠳᠡᠷᠡᠪᠡᠷ 1994 ᠤᠨ ᠳᠤ ᠲᠤᠰᠠᠯᠠᠬᠴᠢ ᠲᠠᠰᠬᠠᠯᠵᠢᠭᠤᠯᠤᠭᠴᠢ ᠪᠤᠯᠵᠦ᠂ 1998 ᠤᠨ ᠡᠴᠡ ᠡᠬᠢᠯᠡᠨ ᠥᠪᠦᠷ ᠮᠣᠩ᠋ᠭᠤᠯ ᠤᠨ ᠪᠣᠺᠰ ᠤᠨ ᠠᠩᠬᠢ ᠶᠢᠨ ᠠᠬᠠᠯᠠᠬᠴᠢ ᠲᠠᠰᠬᠠᠯᠵᠢᠭᠤᠯᠤᠭᠴᠢ ᠪᠤᠯᠤᠭᠰᠠᠨ ᠪᠠᠶᠢᠨ᠎ᠠ᠃ ᠡᠨᠡ ᠬᠤᠭᠤᠷᠤᠨᠳᠤ ᠤᠯᠤᠰ ᠪᠠ ᠥᠪᠦᠷ ᠮᠣᠩᠭ᠋ᠤᠯ ᠤᠨ ᠤᠯᠠᠨ ᠰᠢᠯᠢᠳᠡᠭ ᠲᠠᠮᠢᠷᠴᠢᠨ ᠢ ᠬᠦᠮᠦᠵᠢᠭᠦᠯᠤᠭ᠍ᠰᠠᠨ ᠪᠠᠶᠢᠨ᠎ᠠ᠃ ᠡᠬᠦᠨ ᠳᠤ ᠬᠠᠳᠠᠪᠠᠭᠠᠲᠤᠷ᠂ ᠮᠠ ᠵᠢᠩ ᠸᠧᠢ᠂ ᠠᠯᠮᠠᠰ᠂ ᠵᠠᠩ ᠰᠢᠶᠤᠤ ᠫᠢᠩ᠂ ᠬᠤᠤ ᠸᠠᠩ᠂ ᠮᠧᠩ ᠹᠠᠨ ᠯᠥᠩ᠂ ᠴᠤᠭᠳᠤᠯᠬᠢᠶᠠᠨ᠂ ᠮᠠ ᠵᠢᠶᠠᠨ ᠰᠢᠶᠠ᠂ ᠯᠢᠤ ᠺᠧ ᠵᠢᠶᠠ᠂ ᠸᠠᠩ ᠳ᠋ᠦᠩ ᠮᠧᠢ᠂ ᠯᠢ ᠴᠢᠶᠠᠨ ᠵᠡᠷᠭᠡ ᠲᠠᠮᠢᠷᠴᠢᠨ ᠨᠢ ᠤᠷᠢᠳ ᠬᠤᠵᠢᠳ ᠤᠯᠤᠰ ᠢ ᠲᠦᠯᠦᠬᠡᠯᠡᠨ ᠤᠯᠠᠨ ᠤᠯᠤᠰ ᠤᠨ ᠲᠤᠮᠤ ᠲᠤᠮᠤ ᠲᠡᠮᠡᠴᠡᠭᠡᠨ ᠳᠤ ᠤᠷᠤᠯᠴᠠᠵᠤ ᠪᠠᠶᠢᠭᠰᠠᠨ ᠪᠦᠭᠡᠳ ᠰᠢᠯᠢᠳᠡᠭ ᠬᠢᠷᠢ ᠪᠦᠲᠦᠮᠵᠢ ᠪᠡᠷ ᠤᠯᠤᠰ ᠪᠠ ᠥᠪᠡᠷᠲᠡᠬᠡᠨ ᠵᠠᠰᠠᠬᠤ ᠤᠷᠤᠨ ᠳᠤ ᠪᠠᠨ ᠢᠷᠡᠭᠤ ᠠᠯᠳᠠᠷ ᠠᠪᠴᠢᠷᠠᠵᠡᠢ᠃

    ᠲᠡᠬᠦᠨ ᠤ ᠳᠠᠭᠠᠭᠤᠯᠤᠨ ᠵᠢᠯᠤᠭᠤᠳᠤᠭᠰᠠᠨ ᠲᠠᠮᠢᠷᠴᠢᠨ ᠵᠠᠩ ᠰᠢᠶᠤᠤ ᠫᠢᠩ 2008 ᠤᠨ ᠤ ᠪᠡᠭᠡᠵᠢᠩ ᠤᠨ ᠤᠯᠢᠮᠫᠢᠺ ᠤᠨ ᠲᠠᠮᠢᠷ ᠤᠨ ᠴᠢᠭᠤᠯᠭᠠᠨ ᠳᠤ ᠪᠤᠺᠰ ᠤᠨ ᠲᠡᠮᠡᠴᠡᠬᠡᠨ ᠤ 81 ᠺᠢᠯᠤᠭ᠍ᠷᠠᠮ ᠤᠨ ᠬᠦᠨᠳᠦ ᠶᠢᠨ ᠵᠢᠩ ᠳᠤ ᠦᠷᠢᠰᠦᠯᠳᠦᠨ ᠠᠯᠲᠠᠨ ᠮᠧᠳᠠᠯ ᠭᠠᠷᠳᠠᠵᠤ᠂ ᠦᠪᠦᠷ ᠮᠤᠩᠭ᠋ᠤᠯ ᠤᠨ ᠪᠤᠺᠰ ᠤᠨ ᠲᠡᠦᠬᠡᠨ ᠳ᠋ᠡᠬᠢ ᠰᠢᠨ᠎ᠡ ᠲᠡᠮᠳᠡᠭᠯᠡᠯ ᠢ ᠡᠬᠦᠳᠴᠠᠢ᠃ 2008 ᠤᠨ ᠤ ᠡᠨᠡᠬᠦ ᠠᠮᠵᠢᠯᠳᠠ ᠳᠤ ᠵᠤᠷᠢᠭᠤᠯᠤᠨ《ᠬᠦᠯᠦᠭ ᠤᠨ ᠬᠡᠢ ᠮᠤᠷᠢ ᠲᠠᠢ ᠲᠡᠭᠷᠢᠯᠢᠭ ᠨᠤᠳᠤᠭ ᠲᠤ ᠬᠦᠦ ᠨᠢ ᠪᠤᠯᠵᠤ ᠵᠠᠶᠠᠭᠠᠭᠰᠠᠨ᠂ ᠤᠭᠳᠠᠷᠭᠤᠢ ᠶᠢᠨ ᠴᠡᠬᠡᠯ ᠳᠤ ᠬᠢᠯᠠᠯᠵᠠᠬᠤ ᠤᠳᠤᠨ᠂ ᠤᠯᠢᠮᠫᠢᠺ ᠤᠨ ᠭᠠᠶᠢᠬᠠᠮᠰᠢᠭ ᠢ ᠨᠤᠳᠤᠭ ᠲᠤ ᠪᠠᠨ ᠠᠪᠴᠢᠷᠠᠭᠰᠠᠨ》 ᠬᠡᠮᠡᠨ《ᠲᠠᠯ᠎ᠠ ᠶᠢᠨ ᠬᠡᠢ ᠮᠤᠷᠢ》 ᠲᠠᠭᠤᠤ ᠪᠠᠨ ᠪᠢᠴᠢᠭᠰᠡᠨ ᠪᠠᠶᠢᠨ᠎ᠠ᠃ 2016 ᠤᠨ ᠤ ᠪᠷᠠᠽᠢᠯ ᠳᠤ ᠪᠤᠯᠤᠭᠰᠠᠨ ᠤᠯᠢᠮᠫᠢᠺ ᠤᠨ ᠲᠠᠮᠢᠷ ᠤᠨ ᠴᠢᠭᠤᠯᠭᠠᠨ ᠳᠤ ᠦᠪᠦᠷ ᠮᠤᠩᠭ᠋ᠤᠯ ᠤᠨ ᠡᠮᠡᠭᠲᠡᠢ ᠪᠤᠺᠰᠴᠢᠨ ᠯᠢ ᠴᠢᠶᠠᠨ 75 ᠺᠢᠯᠤᠭ᠍ᠷᠠᠮ ᠤᠨ ᠬᠦᠨᠳᠤ ᠶᠢᠨ ᠵᠢᠩ ᠳᠤ ᠦᠷᠢᠰᠦᠯᠳᠤᠨ  ᠬᠦᠷᠡᠯ ᠮᠧᠳᠠᠯ ᠠᠪᠴᠤ ᠦᠪᠦᠷ ᠮᠤᠩᠭ᠋ᠤᠯ ᠳᠤ ᠪᠠᠨ ᠬᠤᠶᠠᠳᠠᠬᠢ ᠤᠯᠢᠮᠫᠢᠺ ᠤᠨ ᠮᠧᠳᠠᠯ ᠢ ᠠᠪᠴᠢᠷᠠᠵᠤ ᠦᠭ᠍ᠬᠦᠯ᠎ᠡ᠃ 

    《ᠥᠪᠦᠷ ᠮᠣᠩ᠋ᠭᠤᠯ ᠤᠨ ᠪᠤᠺᠰ ᠤᠨ ᠬᠦᠭ᠍ᠵᠢᠯᠲᠠ ᠤᠳᠤᠬᠠᠨ ᠳᠤ ᠰᠢᠯᠵᠢᠯᠲᠠ ᠶᠢᠨ ᠱᠠᠳᠤᠨ ᠳᠤ ᠤᠷᠤᠵᠤ ᠪᠠᠶᠢᠨ᠎ᠠ᠃ ᠨᠡᠶᠢᠬᠡᠮᠯᠢᠭ᠌᠂ ᠬᠤᠯᠪᠤᠭ᠎ᠠ ᠪᠠᠶᠢᠭᠤᠯᠤᠨ ᠨᠡᠶᠢᠬᠡᠮ ᠤᠨ ᠬᠦᠴᠦᠨ ᠢᠶᠡᠷ ᠲᠤᠰᠠᠯᠠᠨ ᠳᠠᠮᠵᠢᠵᠤ᠂ ᠠᠵᠤ ᠠᠬᠤᠶᠢᠯᠠᠯᠲᠠᠨ ᠬᠦᠷᠦᠩᠬᠡ ᠤᠷᠤᠭᠤᠯᠵᠤ᠂ ᠨᠡᠩ ᠲᠤᠰᠬᠠᠢ ᠮᠡᠷᠭᠡᠵᠢᠯ ᠲᠡᠶᠢᠰᠢ ᠬᠦᠭ᠍ᠵᠢᠬᠦ ᠬᠠᠨᠳᠦᠰᠢ ᠲᠠᠢ ᠪᠤᠯᠵᠦ ᠪᠠᠶᠢᠨ᠎ᠠ》ᠬᠡᠵᠤ ᠪᠤᠺᠰ ᠤᠨ ᠦᠢᠯᠡᠰ ᠤᠨ ᠬᠦᠭ᠍ᠵᠢᠯᠳᠡ ᠶᠢᠨ ᠲᠤᠬᠠᠢ ᠴᠢᠯᠠᠭᠤ ᠶᠠᠷᠢᠪᠠ᠃

ᠴᠢᠯᠠᠭᠤ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ ᠠᠷᠠᠳ ᠤᠨ ᠲᠦᠯᠦᠭᠡᠯᠡᠭᠴᠢᠳ ᠤᠨ ᠶᠡᠬᠡ ᠬᠤᠷᠠᠯ ᠤᠨ ᠲᠦᠯᠦᠭᠡᠯᠡᠭᠴᠢ᠂ ᠤᠯᠤᠰ ᠲᠦᠷᠦ ᠶᠢᠨ ᠵᠦᠪᠯᠡᠯᠬᠡᠨ ᠤ ᠬᠡᠰᠢᠬᠦᠨ ᠂ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ ᠠᠩᠬᠠᠳᠠᠭᠴᠢ《ᠠᠷᠪᠠᠨ ᠰᠢᠯᠢᠳᠡᠭ ᠵᠠᠯᠠᠭᠤ》 ᠶᠢᠨ ᠨᠢᠬᠡ᠂ ᠤᠯᠤᠰ ᠳᠠᠶᠠᠭᠠᠷ ᠤᠨ《ᠡᠷᠡᠭᠲᠠᠢ ᠡᠮᠡᠭᠲᠠᠢ ᠬᠤᠤᠰ ᠠᠷᠪᠠᠨ ᠤᠳᠤᠨ》  ᠤ ᠨᠢᠬᠡ᠂ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ《ᠲᠡᠷᠢᠬᠦᠨ ᠤ ᠠᠵᠢᠯᠲᠠᠨ᠂ ᠬᠦᠳᠡᠯᠮᠦᠷᠢ ᠶᠢᠨ ᠵᠢᠱᠢᠶᠡᠴᠢ》᠂ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ《ᠬᠤᠶᠠᠳᠤᠭᠠᠷ ᠵᠡᠷᠭᠡᠯᠡᠯ ᠤᠨ ᠭᠠᠪᠢᠶ᠎ᠠ》᠂ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ 《ᠪᠡᠬᠡᠵᠢᠩ ᠤᠨ ᠤᠯᠢᠮᠫᠢᠺ ᠤᠨ ᠲᠠᠮᠢᠷ ᠤᠨ ᠴᠢᠭᠤᠯᠭᠠᠨ ᠤ ᠠᠯᠲᠠᠨ ᠮᠧᠳᠠᠯ ᠤᠨ ᠬᠦᠨᠳᠤ ᠴᠢᠬᠤᠯᠠ ᠰᠢᠪᠲᠤᠯᠤᠯᠲᠠ ᠶᠢᠨ ᠱᠠᠩᠨᠠᠯ》 ᠵᠡᠷᠭᠡ ᠤᠯᠠᠨ ᠱᠠᠡᠭᠨᠠᠯ ᠢᠶᠡᠷ ᠮᠢᠯᠢᠶᠠᠯᠭᠠᠵᠦ ᠶᠠᠪᠤᠵᠠᠢ᠃

    《ᠤᠳᠠᠬᠤ ᠦᠭᠡᠢ ᠪᠤᠯᠬᠤ ᠬᠡᠵᠤ ᠪᠠᠶᠢᠭ᠎ᠠ ᠤᠯᠤᠰ ᠳᠠᠶᠠᠭᠠᠷ ᠤᠨ ᠠᠷᠪᠠᠨ ᠭᠤᠷᠪᠠᠳᠤᠭᠠᠷ ᠬᠤᠭᠤᠴᠠᠭᠠᠨ ᠤ ᠪᠡᠶ᠎ᠠ ᠶᠢᠨ ᠲᠠᠮᠢᠷ ᠤᠨ ᠲᠡᠮᠡᠴᠡᠭᠡᠨ ᠳᠤ ᠪᠠᠭ ᠳᠠᠭᠠᠭᠤᠯᠵᠤ ᠤᠷᠤᠯᠴᠠᠬᠤ ᠪᠡᠷ ᠪᠡᠯᠡᠳᠬᠡᠵᠤ ᠪᠠᠶᠢᠨ᠎ᠠ᠂ ᠡᠨᠡ ᠤᠳᠠᠭ᠎ᠠ ᠦᠪᠦᠷ ᠮᠤᠩᠭ᠋ᠤᠯ ᠡᠴᠡ ᠪᠦᠬᠡ᠂ ᠪᠤᠺᠰ᠂ ᠲᠠᠶᠧᠺᠤᠨᠳ᠋ᠣ᠋᠂ ᠬᠦᠨᠳᠤ ᠡᠷᠬᠦᠯᠳᠡ ᠶᠢᠨ ᠨᠡᠶᠢᠳᠡ 54 ᠲᠠᠮᠢᠷᠴᠢᠨ ᠤᠷᠤᠯᠴᠠᠨ᠎ᠠ᠃ ᠲᠠᠮᠢᠷᠴᠢᠳ ᠮᠠᠨᠢ ᠲᠤᠰ ᠤᠳᠠᠭᠠᠨ ᠤ ᠲᠡᠮᠡᠴᠡᠬᠡᠨ ᠳᠤ ᠰᠢᠯᠢᠳᠡᠭ ᠠᠮᠵᠢᠯᠳᠠ ᠤᠯᠵᠤ  ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠳᠤ ᠪᠡᠯᠡᠭ ᠡᠷᠬᠦᠬᠦ ᠪᠡᠷ ᠴᠢᠷᠮᠠᠶᠢᠵᠤ ᠪᠠᠶᠢᠨ᠎ᠠ》 ᠬᠡᠵᠤ ᠴᠢᠯᠠᠭᠤ ᠶᠠᠷᠢᠯ᠎ᠠ᠃

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120691121314322