蒙古文网站Logo
ᠰᠢᠨᠬᠤᠸᠠ ᠮᠤᠩᠭ᠋ᠤᠯ ᠨᠧᠲ

ᠠᠵᠢᠯ ᠳᠤ ᠡᠯᠰᠡᠭᠳᠡᠭᠰᠡᠨ ᠦᠭᠡᠢ ᠡᠴᠡ ᠪᠣᠯᠵᠤ ᠨᠢᠬᠡᠨ ᠪᠦᠰᠡᠭᠦᠢ ᠬᠠᠷᠢᠭᠤ ᠠᠷᠭ᠎ᠠ ᠬᠡᠮᠵᠢᠶ᠎ᠠ ᠠᠪᠤᠪᠠ

2016-08-02 11:50

    7 ᠰᠠᠷ᠎ᠠ ᠶᠢᠨ 30 ᠤ᠋ ᠡᠳᠤᠷ ᠤᠨ ᠦᠷᠯᠦᠭᠡ᠂ ᠬᠦᠬᠡᠬᠣᠲᠠ ᠶᠢᠨ ᠲᠤᠲᠤᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠣᠳᠤᠩ ᠠᠷᠠᠳ ᠤᠨ ᠲᠣᠭᠤᠷᠢᠭ ᠤᠨ ᠰᠠᠯᠪᠤᠷᠢ ᠲᠣᠪᠴᠢᠶ᠎ᠠ 110  ᠤᠳᠤᠷᠢᠳᠬᠤ ᠲᠦᠪ  ᠤᠨ ᠴᠠᠭᠳᠠᠭ᠎ᠠ ᠲᠣᠮᠢᠯᠠᠬᠤ ᠵᠠᠷᠯᠢᠭ ᠢ ᠲᠣᠰᠪᠠ᠃ ᠵᠠᠷᠯᠢᠬ ᠲᠦ᠂ ᠲᠤᠰ ᠵᠠᠭᠢᠷᠭᠠᠨ ᠤ ᠲᠣᠭᠤᠷᠢᠭ  ᠤᠨ ᠢᠨᠲ᠋ᠧᠷᠨᠧᠲ ᠪᠠᠭᠠᠷ ᠲᠤ ᠨᠢᠬᠡ ᠬᠦᠮᠦᠨ ᠲᠣᠭᠯᠠᠭᠠᠮ ᠤᠨ ᠮᠦᠩᠬᠦ ᠬᠣᠳᠠᠯᠳᠤᠨ ᠠᠪᠬᠤ ᠳᠤ ᠪᠡᠨ 2000 ᠲᠦᠭᠦᠷᠢᠭ᠌ ᠮᠡᠬᠡᠯᠡᠭᠳᠡᠵᠠᠢ ᠭᠡᠰᠡᠨ ᠪᠠᠶᠢᠯ᠎ᠠ᠃ ᠠᠷᠠᠳ ᠤᠨ ᠴᠠᠭᠳᠠᠭ᠎ᠠ ᠳᠠᠷᠤᠢ ᠳᠤ ᠨᠢ ᠬᠡᠷᠡᠭ ᠢ ᠬᠦᠯᠢᠶᠠᠨ ᠠᠪᠴᠤ᠂ ᠰᠢᠨᠬᠤᠸᠠ ᠪᠠᠷᠠᠭᠤᠨ ᠵᠡᠭᠡᠯᠢ  ᠶᠢᠨ ᠨᠢᠬᠡᠨ ᠢᠨᠲ᠋ᠧᠷᠨᠧᠲ ᠪᠠᠭᠠᠷ ᠤᠨ ᠡᠭᠦᠳᠠᠨ ᠳᠤ ᠬᠡᠷᠡᠭ ᠮᠡᠳᠡᠭᠦᠯᠦᠭᠴᠢ ᠯᠢᠩ ᠤᠪᠤᠭᠲᠤ  ᠶᠢ ᠡᠷᠢᠵᠤ ᠣᠯᠵᠠᠢ᠃ (ᠯᠢᠩ ᠤᠪᠤᠭᠲᠤ ᠄ ᠡᠮᠡᠭᠲᠠᠢ᠂ 23 ᠨᠠᠰᠤᠲᠠᠢ᠂ ᠠᠨᠾᠦ᠋ᠢ ᠮᠣᠵᠢ ᠪᠡᠷ ᠨᠤᠲᠤᠭ ᠲᠠᠢ᠂ ᠬᠦᠬᠡᠬᠣᠲᠠ ᠳᠤ ᠲᠦᠷ ᠰᠠᠭᠤᠵᠤ ᠪᠤᠢ)

    ᠠᠷᠠᠳ ᠤᠨ ᠴᠠᠭᠳᠠᠭ᠎ᠠ ᠬᠡᠷᠡᠭ ᠤᠨ ᠦᠩᠭᠡᠷᠡᠯᠲᠠ ᠶᠢ ᠯᠢᠩ ᠤᠪᠤᠭᠲᠤ  ᠡᠴᠡ ᠯᠠᠪᠯᠠᠨ ᠠᠰᠠᠭᠤᠪᠠᠯ᠂ ᠲᠠᠷᠠ ᠲᠣᠳᠤᠷᠬᠠᠢ ᠶᠠᠷᠢᠵᠤ ᠴᠢᠳᠠᠬᠤ ᠦᠬᠡᠢ ᠮᠦᠷᠲᠡᠬᠡᠨ ᠬᠡᠷᠡᠴᠢ  ᠴᠤ ᠬᠠᠩᠭ᠋ᠠᠵᠤ ᠴᠢᠳᠠᠭᠰᠠᠨ ᠦᠬᠡᠢ᠂ ᠳᠠᠬᠢᠨ ᠳᠠᠪᠲᠠᠨ ᠯᠠᠪᠯᠠᠨ ᠠᠰᠠᠭᠤᠵᠤ ᠪᠠᠶᠢᠴᠠᠭᠠᠭᠠᠳ ᠯᠢᠩ ᠤᠪᠤᠭᠲᠤ  ᠬᠠᠭᠤᠷᠮᠠᠭ ᠬᠡᠷᠡᠭ ᠮᠡᠳᠡᠭᠦᠯᠦᠭᠰᠡᠨ ᠢ ᠮᠡᠳᠡᠵᠠᠢ᠃ ᠴᠠᠭᠳᠠᠭ᠎ᠠ ᠲᠡᠭᠦᠨ ᠡᠴᠡ ᠰᠢᠯᠲᠠᠭᠠᠨ ᠢ ᠨᠢ ᠠᠰᠠᠭᠤᠪᠠᠯ᠂ ᠣᠤᠯ ᠨᠢ ᠯᠢᠩ ᠤᠪᠤᠭᠲᠤ ᠲᠤᠰ ᠢᠨᠲ᠋ᠧᠷᠨᠧᠲ ᠪᠠᠭᠠᠷ ᠲᠤ ᠠᠵᠢᠯ ᠡᠷᠢᠬᠦ ᠪᠡᠷ ᠢᠷᠡᠵᠤ ᠦᠩᠭᠡᠷᠡᠵᠠᠢ᠂ ᠭᠡᠪᠡᠴᠤ ᠡᠯᠰᠡᠭᠳᠡᠭᠰᠡᠨ ᠦᠬᠡᠢ ᠡᠴᠡ ᠪᠣᠯᠵᠤ ᠬᠣᠷᠤᠰᠤᠯ ᠳᠦᠷᠦᠨ ᠬᠠᠭᠤᠷᠮᠠᠭ ᠬᠡᠷᠡᠭ ᠮᠡᠳᠡᠭᠦᠯᠵᠤ ᠡᠭᠦᠲᠠ ᠶᠢ ᠨᠢ ᠬᠠᠭᠠᠯᠭᠠᠬᠤ ᠶᠢ ᠰᠠᠨᠠᠪᠠ ᠬᠡᠵᠡᠢ ᠃ ᠯᠢᠩ ᠤᠪᠤᠭᠲᠤ  ᠲᠣᠯᠭᠤᠷ ᠬᠡᠷᠡᠭᠲᠡᠨ  ᠮᠦᠷᠲᠡᠬᠡᠨ ᠪᠤᠷᠤᠭᠤ ᠪᠡᠨ ᠢᠳᠡᠪᠬᠢ ᠮᠡᠳᠡᠷᠡᠭᠰᠡᠨ ᠡᠴᠡ ᠴᠠᠭᠳᠠᠭ᠎ᠠ ᠶᠢᠨ ᠲᠠᠯ᠎ᠠ ᠲᠣᠭᠲᠠᠭᠠᠯ ᠶᠣᠰᠤᠭᠠᠷ ᠴᠢᠩᠭ᠋᠎ᠠ ᠲᠣᠩᠭ᠋ᠤᠳᠬᠤ ᠰᠢᠳᠭᠡᠯ ᠦᠭᠴᠠᠢ᠃

 

ᠢᠷᠡᠯᠳᠡ᠄ ᠤᠮᠠᠷᠠᠲᠤ ᠶᠢᠨ ᠰᠢᠨ᠎ᠡ ᠰᠣᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119322306