蒙古文网站Logo
ᠰᠢᠨᠬᠤᠸᠠ ᠮᠤᠩᠭ᠋ᠤᠯ ᠨᠧᠲ

ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠬᠤᠤᠰ ᠬᠡᠯᠡᠨ ᠤ ᠦᠢᠯᠡᠴᠢᠯᠡᠬᠡ ᠶᠢ ᠰᠠᠶᠢᠨ ᠬᠢᠵᠤ ᠪᠤᠢ

2016-09-09 16:58

    ᠰᠢᠨᠬᠤᠸᠠ ᠮᠤᠩᠭᠤᠯ ᠨᠧᠲ ᠬᠦᠬᠡᠬᠤᠳᠠ ᠶᠢᠨ 9 ᠰᠠᠷ᠎ᠠ ᠶᠢᠨ 9 ᠤ ᠡᠳᠤᠷ ᠤᠨ ᠴᠠᠬᠢᠯᠭᠠᠨ ᠮᠡᠳᠡᠬᠡ (ᠪᠠᠢ ᠯᠢᠩ ᠳ᠋ᠢ᠂ ᠬ·ᠦᠵᠡᠰᠭᠦᠯᠡᠩ) ᠬᠦᠯᠦᠨ ᠪᠤᠶᠢᠷ ᠤᠨ ᠦᠷᠬᠡᠨ ᠠᠭᠤᠳᠠᠮ ᠳᠠᠯ᠎ᠠ ᠨᠤᠳᠤᠭ ᠤᠨ ᠠᠮᠤᠷ ᠠᠮᠤᠭᠤᠯᠠᠩ᠂ ᠠᠷᠠᠳ ᠢᠷᠬᠡᠳ ᠤᠨ ᠡᠶ᠎ᠡ ᠵᠤᠬᠢᠴᠠᠯ ᠳᠤ ᠦᠢᠯᠡᠴᠢᠯᠡᠬᠦ ᠬᠠᠤᠯᠢ ᠳᠦᠷᠢᠮ ᠤᠨ ᠪᠠᠶᠢᠭᠤᠯᠭ᠎ᠠ ᠪᠤᠯᠤᠭᠰᠠᠨ ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠨᠢ ᠭᠠᠵᠠᠷ ᠤᠷᠤᠨ ᠤ ᠪᠡᠨ ᠤᠨᠴᠠᠯᠢᠭ ᠲᠤ ᠨᠡᠶᠢᠴᠡᠬᠦᠯᠦᠨ ᠦᠨᠳᠦᠰᠦᠲᠡᠨ ᠤ ᠦᠬᠡ ᠬᠡᠯᠡ ᠦᠰᠦᠭ ᠪᠢᠴᠢᠭ᠌ ᠢᠶᠡᠷ ᠳᠦᠯᠬᠢᠬᠦᠦ ᠦᠢᠯᠡᠴᠢᠯᠡᠬᠦ ᠠᠵᠢᠯ ᠢ ᠴᠢᠬᠤᠯᠠᠴᠢᠯᠠᠨ ᠬᠢᠵᠤ ᠪᠤᠢ᠃

    ᠰᠢᠨ᠎ᠠ ᠪᠠᠷᠭᠤ ᠪᠠᠷᠠᠭᠤᠨ ᠬᠤᠰᠢᠭᠤᠨ ᠤ ᠪᠦᠬᠦᠶᠢᠯᠡ ᠬᠦᠮᠦᠨ ᠠᠮᠠ ᠶᠢᠨ 82% ᠨᠢ ᠮᠤᠩᠭᠤᠯ ᠦᠨᠳᠦᠰᠦᠲᠡᠨ ᠪᠠᠶᠢᠳᠠᠭ᠃ ᠡᠶᠢᠮᠤ ᠡᠴᠡ ᠳᠤᠰ ᠨᠤᠳᠤᠭ ᠲᠤ ᠡᠬᠦᠰᠳᠡᠭ ᠵᠠᠷᠭᠤ ᠵᠠᠭᠠᠯᠳᠤᠭᠠᠨ᠂ ᠬᠡᠷᠡᠭ ᠲᠤ ᠬᠤᠯᠪᠤᠭᠳᠠᠬᠤ ᠬᠦᠮᠦᠰ ᠤᠨ 90%  ᠳᠤ ᠨᠢ ᠬᠠᠤᠯᠢ ᠳᠦᠷᠢᠮ ᠤᠨ ᠪᠠᠶᠢᠭᠤᠯᠭ᠎ᠠ ᠶᠢᠨ ᠮᠤᠩᠭᠤᠯ ᠬᠢᠳᠠᠳ ᠬᠤᠤᠰ ᠬᠡᠯᠡᠨ ᠤ ᠦᠢᠯᠡᠴᠢᠯᠡᠬᠡ ᠱᠠᠭᠠᠷᠳᠠᠭᠳᠠᠳᠠᠭ ᠰᠠᠨ᠃ ᠡᠨᠡᠬᠦ ᠪᠠᠶᠢᠳᠠᠯ ᠳᠤ ᠬᠠᠨᠳᠤᠭᠤᠯᠤᠨ ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠭᠬᠤ ᠬᠤᠷᠢᠶ᠎ᠠ ᠠᠵᠢᠯᠳᠠᠳ ᠤᠨ ᠢᠶᠡᠨ ᠮᠤᠩᠭᠤᠯ ᠬᠡᠯᠡᠨ ᠤ ᠬᠢᠷᠢ ᠲᠦᠪᠰᠢᠨ ᠢ ᠲᠡᠭᠡᠭ᠍ᠰᠢᠯᠡᠬᠦᠯᠵᠤ ᠂ ᠮᠦᠨ ᠦᠨᠳᠦᠰᠦᠲᠡᠨ ᠤ ᠤᠷᠤᠨ ᠤ ᠬᠡᠷᠡᠭ ᠰᠢᠶᠳᠪᠦᠷᠢᠯᠡᠬᠦ᠂ ᠪᠠᠶᠢᠴᠠᠭᠠᠬᠤ᠂ ᠮᠠᠯᠴᠢᠳ ᠤᠨ ᠠᠮᠢᠳᠤᠷᠠᠯ ᠤᠨ ᠤᠯᠠᠨ ᠲᠠᠯ᠎ᠠ ᠡᠴᠡ ᠪᠤᠳᠤᠯᠬᠢᠯᠠᠵᠤ ᠦᠢᠯᠡᠴᠢᠯᠡᠬᠡᠨ ᠤ ᠠᠵᠢᠯ ᠢᠶᠡᠨ ᠯᠠᠪᠳᠠᠭᠤᠨ ᠪᠠᠳᠤᠲᠠᠢ ᠬᠢᠬᠦ ᠶᠢᠨ ᠲᠤᠰᠠᠳᠠ ᠦᠨᠳᠦᠰᠦᠲᠡᠨ ᠤ ᠦᠬᠡ ᠬᠡᠯᠡ ᠦᠰᠦᠭ ᠪᠢᠴᠢᠭ᠌᠌ ᠤᠨ ᠲᠤᠬᠠᠢ ᠠᠵᠢᠯ ᠤᠳ ᠢ ᠰᠠᠶᠢᠳᠤᠷ ᠬᠢᠭ᠍ᠰᠡᠨ ᠪᠠᠶᠢᠨ᠎ᠠ᠃

    ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠦᠨᠳᠤᠷ ᠲᠦᠪᠰᠢᠨ ᠲᠠᠢ ᠮᠤᠩᠭᠤᠯ ᠬᠢᠳᠠᠳ ᠬᠤᠤᠰ ᠬᠡᠯᠡᠨ ᠤ ᠠᠵᠢᠯᠳᠠᠨ ᠤ ᠪᠠᠭ ᠢ ᠬᠦᠮᠦᠵᠢᠬᠦᠯᠬᠦ ᠶᠢᠨ ᠲᠦᠯᠦᠬᠡ ᠠᠵᠢᠯᠳᠠᠳ ᠢᠶᠡᠨ ᠳᠦᠯᠦᠪᠦᠷᠢ ᠦᠬᠡᠢ ᠪᠡᠷ ᠪᠤᠯᠪᠠᠰᠤᠷᠠᠯ ᠳᠤ ᠤᠷᠤᠯᠴᠠᠭᠤᠯᠵᠤ᠂ ᠨᠢᠬᠡᠳᠤᠯᠲᠡᠢ ᠰᠢᠯᠭᠠᠯᠳᠠ ᠳᠤ ᠤᠷᠤᠭᠤᠯᠤᠭᠰᠠᠨ ᠪᠠᠶᠢᠨ᠎ᠠ᠃ 8 ᠤᠳᠠᠭᠠᠨ ᠤ ᠦᠰᠦᠨ ᠪᠢᠷ ᠤᠨ ᠪᠤᠯᠪᠠᠰᠤᠷᠠᠯ ᠤᠨ ᠠᠩᠬᠢ ᠪᠤᠯᠤᠨ 10 ᠤᠳᠠᠭᠠᠨ ᠤ ᠮᠤᠩᠭᠤᠯ ᠬᠡᠯᠡᠨ ᠤ ᠠᠩᠬᠢ ᠳᠤ ᠨᠢ ᠮᠤᠩᠭᠤᠯ ᠬᠡᠯᠡᠨ ᠤ ᠰᠠᠭᠤᠷᠢ ᠮᠡᠳᠡᠯᠬᠡ ᠶᠢ ᠳᠡᠬᠡᠭᠰᠢᠯᠡᠬᠦᠯᠬᠦ᠂ ᠲᠡᠦᠬᠡ᠂ ᠵᠠᠩ ᠵᠠᠩᠰᠢᠯ ᠤᠨ ᠬᠠᠮᠢᠶᠠᠲᠠᠢ ᠮᠡᠳᠡᠯᠬᠡ ᠶᠢ ᠪᠠᠳᠤᠳᠬᠠᠬᠤ ᠪᠤᠯᠪᠠᠰᠤᠷᠠᠯ ᠤᠨ ᠠᠩᠬᠢ ᠶᠢ ᠡᠷᠬᠢᠯᠡᠵᠡᠢ᠃ ᠪᠤᠯᠪᠠᠰᠤᠷᠠᠯ ᠤᠨ ᠬᠤᠭᠤᠴᠠᠭᠠᠨ ᠳᠤ ᠲᠤᠰᠬᠠᠢ ᠮᠡᠷᠬᠡᠵᠢᠯ ᠤᠨ ᠪᠠᠭᠰᠢ ᠤᠷᠢᠵᠤ ᠭᠤᠷᠪᠠᠨ ᠡᠳᠤᠷ ᠤᠨ ᠮᠤᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠪᠤᠯᠪᠠᠰᠤᠷᠠᠯ ᠬᠢᠭᠰᠡᠨ ᠢᠶᠡᠷ ᠪᠦᠲᠦᠮᠵᠢᠲᠠᠢ ᠦᠷ᠎ᠡ ᠳ᠋ᠦᠩ ᠭᠠᠷᠴᠠᠢ᠃ ᠮᠤᠩᠭᠤᠯ ᠬᠡᠯᠡᠨ ᠤ ᠪᠠᠷᠢᠮᠵᠢᠶ᠎ᠠ ᠠᠪᠢᠶ᠎ᠠ ᠪᠡᠷ ᠠᠵᠢᠯᠳᠠᠳ ᠢᠶᠡᠨ ᠰᠢᠯᠭᠠᠵᠤ᠂ 21 ᠠᠵᠢᠯᠳᠠᠨ ᠪᠠᠷᠢᠮᠵᠢᠶ᠎ᠠ ᠠᠪᠢᠶᠠᠨ ᠤ ᠦᠨᠡᠮᠯᠡᠯ ᠭᠠᠷᠳᠠᠭᠰᠠᠨ ᠪᠠᠶᠢᠨ᠎ᠠ᠃

    ᠡᠬᠦᠨ ᠡᠴᠡ ᠭᠠᠳᠠᠨ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠪᠠᠰᠠ ᠮᠤᠩᠭᠤᠯ ᠬᠢᠳᠠᠳ ᠬᠤᠤᠰ ᠬᠡᠯᠡᠨ ᠤ ᠬᠠᠤᠯᠢ ᠴᠠᠭᠠᠵᠠ ᠶᠢᠨ ᠤᠷᠴᠢᠭᠤᠯᠭ᠎ᠠ ᠶᠢᠨ ᠪᠤᠯᠪᠠᠰᠤᠷᠠᠯ ᠤᠨ ᠠᠩᠬᠢ ᠡᠷᠬᠢᠯᠡᠵᠤ᠂ ᠪᠠᠶᠢᠴᠠᠭᠠᠬᠤ ᠬᠤᠷᠢᠶᠠᠨ ᠤ ᠮᠤᠩᠭᠤᠯ ᠬᠢᠳᠠᠳ ᠬᠤᠤᠰ ᠬᠡᠯᠡᠨ ᠤ ᠠᠵᠢᠯᠳᠠᠳ ᠤᠨ ᠲᠤᠬᠠᠶᠢᠯᠠᠭᠰᠠᠨ ᠠᠵᠢᠯ ᠤᠨ ᠬᠡᠪ ᠴᠢᠨᠠᠷ ᠢ ᠲᠡᠭᠡᠭ᠍ᠰᠢᠯᠡᠬᠦᠯᠵᠤ᠂ ᠬᠡᠷᠡᠭ ᠰᠢᠢᠳᠪᠦᠷᠢᠯᠡᠬᠦ ᠪᠠᠷᠢᠮᠵᠢᠶᠠᠵᠢᠯ ᠪᠤᠯᠤᠨ ᠪᠠᠶᠢᠴᠠᠭᠠᠬᠤ ᠠᠵᠢᠯ ᠤᠨ ᠪᠦᠲᠦᠮᠵᠢ ᠪᠡᠨ ᠲᠡᠭᠡᠭ᠍ᠰᠢᠯᠡᠬᠦᠯᠤᠭ᠍ᠰᠡᠨ ᠪᠠᠶᠢᠨ᠎ᠠ᠃

    《ᠪᠢᠳᠡ ᠠᠵᠢᠯ ᠤᠨ ᠱᠠᠭᠠᠷᠳᠠᠯᠭ᠎ᠠ ᠶᠤᠰᠤᠭᠠᠷ ᠵᠠᠭᠠᠯᠳᠤᠯᠭ᠎ᠠ ᠶᠢ ᠬᠦᠯᠢᠶᠡᠨ ᠠᠪᠬᠤ ᠡᠴᠡ ᠰᠢᠬᠦᠵᠤ ᠠᠰᠠᠭᠤᠬᠤ᠂ ᠰᠢᠬᠦᠬᠦ ᠬᠦᠷᠲᠡᠯ᠎ᠡ ᠤᠯᠠᠩᠬᠢ ᠪᠠᠶᠢᠳᠠᠯ ᠳᠤ ᠮᠤᠩᠭ᠋᠋ᠤᠯ ᠬᠡᠯᠡ ᠪᠡᠷ ᠬᠢᠵᠤ ᠪᠤᠢ᠃ ᠵᠠᠷᠢᠮ ᠮᠠᠯᠴᠢᠳ ᠨᠢ ᠬᠢᠳᠠᠳ ᠬᠡᠯᠡ ᠮᠡᠳᠡᠬᠦ ᠦᠭᠡᠢ ᠪᠤᠶᠤ ᠤᠶᠢᠯᠠᠭᠠᠬᠤ ᠦᠭᠡᠢ ᠪᠠᠶᠢᠳᠠᠯ ᠲᠠᠢ᠂ ᠪᠠᠰᠠ ᠵᠠᠷᠢᠮ ᠦᠶ᠎ᠡ ᠳᠤ ᠵᠠᠷᠭᠤ ᠳᠤ ᠬᠤᠯᠪᠤᠭᠳᠠᠬᠤ ᠬᠤᠶᠠᠷ ᠡᠳᠡᠬᠡᠳ ᠤᠨ ᠨᠢᠬᠡ ᠨᠢ ᠬᠢᠳᠠᠳ ᠦᠨᠳᠦᠰᠦᠳᠡᠨ ᠨᠢᠬᠡ ᠨᠢ ᠮᠤᠩᠭ᠋᠋ᠤᠯ ᠦᠨᠳᠦᠰᠦᠳᠡᠨ ᠪᠠᠶᠢᠵᠤ ᠮᠡᠳᠡᠨ᠎ᠡ᠃ ᠡᠶᠢᠮᠦᠷᠬᠦ ᠪᠠᠶᠢᠳᠠᠯ ᠳᠤ᠂ ᠲᠡᠳᠡᠨ ᠤ ᠡᠷᠬᠡ ᠠᠰᠢᠬ  ᠢ ᠬᠠᠮᠠᠭᠠᠯᠠᠬᠤ ᠶᠢᠨ ᠲᠦᠯᠦᠬᠡ ᠪᠢᠳᠡ ᠵᠠᠪᠠᠯ ᠮᠤᠩᠭ᠋᠋ᠤᠯ ᠦᠬᠡ ᠬᠡᠯᠡ ᠦᠰᠦᠭ ᠪᠢᠴᠢᠭ᠌ ᠤᠨ ᠬᠡᠷᠡᠭᠯᠡᠬᠡ ᠪᠠᠨ ᠰᠠᠶᠢᠵᠢᠷᠠᠭᠤᠯᠬᠤ ᠢᠶᠡ ᠲᠠᠭᠠᠤ ᠬᠤᠤᠰ ᠬᠡᠯᠡᠨ ᠤ ᠬᠡᠪ ᠴᠢᠨᠠᠷ ᠢᠶᠡᠨ ᠲᠡᠭᠡᠭ᠍ᠰᠢᠯᠡᠬᠦᠯᠬᠦ ᠬᠡᠷᠡᠭᠲᠡᠢ᠃ ᠮᠠᠨ ᠤ ᠬᠤᠷᠢᠶᠠᠨ ᠳᠤ ᠲᠦᠴᠢᠭᠡᠳ ᠠᠵᠢᠯᠳᠠᠨ ᠲᠠᠢ᠂ ᠤᠳᠤ 30 ᠤᠷᠴᠢᠮ ᠠᠵᠢᠯᠳᠠᠨ ᠮᠤᠩᠭ᠋᠋ᠤᠯ ᠢᠶᠡᠷ ᠢᠶᠡᠨ ᠰᠠᠶᠢᠨ ᠠᠵᠢᠯᠯᠠᠵᠤ ᠴᠢᠳᠠᠵᠤ ᠪᠠᠶᠢᠨ᠎ᠠ》 ᠬᠡᠵᠤ ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠶᠢᠨ ᠲᠡᠳ᠋ ᠲᠠᠷᠤᠭ᠎ᠠ ᠲᠦᠪᠰᠢᠨ ᠰᠤᠷᠪᠤᠯᠵᠢᠯᠠᠭ᠎ᠠ ᠬᠦᠯᠢᠶᠡᠬᠦ  ᠳᠡᠭᠡᠨ ᠶᠠᠷᠢᠯ᠎ᠠ᠃

    ᠰᠢᠨ᠎ᠠ ᠪᠠᠷᠭᠤ ᠪᠠᠷᠠᠭᠤᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠮᠠᠯᠴᠢᠳ ᠲᠤ ᠰᠢᠯᠢᠳᠡᠭ ᠰᠠᠶᠢᠨ ᠬᠠᠤᠯᠢ ᠴᠠᠭᠠᠵᠠ ᠶᠢᠨ ᠦᠢᠯᠡᠴᠢᠯᠡᠬᠡ ᠬᠠᠩᠭᠠᠬᠤ ᠶᠢᠨ ᠳᠤᠰᠠᠳᠠ ᠬᠠᠮᠤᠭ ᠤᠨ ᠰᠠᠶᠢᠨ ᠠᠷᠭ᠎ᠠ ᠶᠢ ᠰᠠᠨᠠᠭᠠᠴᠢᠯᠠᠵᠤ᠂ ᠦᠨᠳᠦᠰᠦᠨ ᠬᠠᠤᠯᠢ ᠶᠢᠨ ᠴᠦᠬᠡᠨ ᠲᠤᠭᠠᠳᠤ ᠦᠨᠳᠦᠰᠦᠲᠡᠨ ᠤ ᠢᠷᠭᠡᠳ ᠲᠤ ᠤᠯᠭᠤᠭᠰᠠᠨ ᠦᠪᠡᠷ ᠤᠨ ᠦᠨᠳᠦᠰᠦᠲᠡᠨ ᠤ ᠦᠬᠡ ᠬᠡᠯᠡ ᠦᠰᠦᠭ ᠪᠢᠴᠢᠭ᠌ ᠢᠶᠡᠷ ᠢᠶᠡᠨ ᠵᠠᠷᠭᠤᠯᠳᠤᠬᠤ ᠡᠷᠬᠡ ᠶᠢ ᠬᠠᠮᠤᠭ ᠤᠨ ᠶᠡᠬᠡ ᠬᠡᠮᠵᠢᠶ᠎ᠡ ᠪᠡᠷ ᠬᠠᠮᠠᠭᠠᠯᠠᠵᠤ᠂ ᠶᠡᠬᠡ ᠬᠡᠮᠵᠢᠶᠡᠨ ᠤ ᠴᠠᠭ ᠬᠦᠴᠦ ᠵᠠᠷᠤᠳᠠᠯ ᠮᠦᠩᠬᠦ ᠵᠠᠷᠤᠴᠠᠭᠤᠯᠤᠨ ᠪᠠᠶᠢᠴᠠᠭᠠᠬᠤ ᠬᠤᠷᠢᠶᠠᠨ ᠤ ᠪᠠᠨ ᠠᠵᠢᠯᠳᠠᠳ ᠤᠨ ᠠᠵᠢᠯ ᠤᠨ ᠪᠠᠶᠢᠷᠢ ᠳᠤ ᠵᠤᠬᠢᠴᠠᠭᠤᠯᠤᠨ ᠂ ᠤᠯᠠᠨ ᠤᠳᠠᠭᠠᠨ ᠤ ᠤᠯᠠᠨ ᠲᠠᠪᠬᠤᠷᠭᠠᠳᠤ ᠮᠤᠩᠭ᠋᠋ᠤᠯ ᠬᠢᠳᠠᠳ ᠬᠤᠤᠰ ᠬᠡᠯᠡᠨ ᠤ ᠪᠤᠯᠪᠠᠰᠤᠷᠠᠯ ᠤᠨ ᠠᠩᠬᠢ ᠡᠷᠬᠢᠯᠡᠭᠰᠡᠨ ᠢᠶᠡᠷ ᠮᠤᠩᠭ᠋᠋ᠤᠯ ᠬᠢᠳᠠᠳ ᠬᠤᠤᠰ ᠬᠡᠯᠡᠨ ᠤ ᠰᠢᠯᠭᠠᠨ ᠪᠠᠶᠢᠴᠠᠭᠠᠭᠴᠢᠳ ᠤᠨ ᠠᠵᠢᠯ ᠤᠨ ᠤᠪᠤᠷ ᠲᠤ ᠰᠢᠨ᠎ᠠ ᠬᠤᠪᠢᠷᠠᠯᠳᠠ ᠭᠠᠷᠴᠦ᠂ ᠡᠬᠦᠷᠬᠡ ᠪᠡᠨ ᠪᠡᠶᠡᠯᠡᠬᠦᠯᠬᠦ ᠴᠢᠳᠠᠪᠦᠷᠢ᠂ ᠦᠵᠡᠯ ᠰᠠᠨᠠᠭ᠎ᠠ᠂ ᠬᠡᠪ ᠪᠤᠯᠪᠠᠰᠤᠷᠠᠯ ᠨᠢ ᠲᠡᠭᠡᠭ᠍ᠰᠢᠯᠡᠭᠰᠡᠨ ᠤ ᠬᠠᠮᠳᠤ ᠪᠠᠷᠢᠮᠵᠢᠶᠠᠵᠢᠭᠰᠠᠨ ᠬᠠᠤᠯᠢ ᠬᠡᠷᠡᠭᠵᠢᠬᠦᠯᠬᠦ ᠠᠵᠢᠯ ᠤᠨ ᠲᠦᠪᠰᠢᠨ ᠨᠢ ᠴᠤ ᠲᠡᠭᠡᠭ᠍ᠰᠢᠯᠡᠭᠰᠡᠨ ᠪᠠᠶᠢᠨ᠎ᠠ᠃

 

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119540298