蒙古文网站Logo
ᠰᠢᠨᠬᠤᠸᠠ ᠮᠤᠩᠭ᠋ᠤᠯ ᠨᠧᠲ

1-9 ᠰᠠᠷ ᠠ ᠶᠢᠨ ᠬᠤᠭᠤᠷᠤᠨᠳᠤ ᠦᠪᠦᠷ ᠮᠤᠨᠭᠭᠤᠯ ᠠᠦ᠋ᠲ᠋ᠤ‍ ᠵᠠᠮ ᠤᠨ ᠪᠠᠶᠢᠭᠤᠯᠤᠯᠲᠠ ᠳᠤ 783 ᠳ᠋ᠦᠨᠭᠰᠢᠭᠤᠷ ᠪᠡᠯᠡ ᠤᠷᠤᠭᠤᠯᠪᠠ

2016-10-20 11:49

    1-9 ᠰᠠᠷ ᠠ ᠶᠢᠨ ᠬᠤᠭᠤᠷᠤᠨᠳᠤ ᠦᠪᠦᠷ ᠮᠤᠨᠭᠭᠤᠯ ᠠᠦ᠋ᠲ᠋ᠤ‍ ᠵᠠᠮ ᠤᠨ ᠪᠦᠲᠦᠭᠡᠨ ᠪᠠᠶᠢᠭᠤᠯᠤᠯᠲᠠ ᠳᠤ 783 ᠳ᠋ᠦᠨᠭᠰᠢᠭᠤᠷ ᠳᠦᠬᠦᠷᠢᠭ ᠤᠨ ᠪᠡᠯᠡ ᠤᠷᠤᠭᠤᠯᠵᠠᠢ᠂ ᠡᠨᠡ ᠨᠢ ᠵᠢᠯ ᠤᠨ ᠲᠦᠯᠦᠪᠡᠯᠡᠭᠡ ᠶᠢᠨ 92.1%  ᠢ᠋ ᠪᠡᠶᠡᠯᠡᠭᠦᠯᠪᠡ᠃

    2016 ᠤᠨ ᠳᠤ᠂ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ ᠤ ᠵᠠᠮ ᠲᠡᠭᠡᠬᠡᠪᠦᠷᠢ ᠶᠢᠨ ᠲᠢᠨᠭ᠍ᠬᠢᠮ ᠡᠴᠡ ᠭᠤᠤᠯ ᠪᠤᠯᠬᠤ ᠠᠦ᠋ᠲ᠋ᠤ‍ ᠵᠠᠮ ᠢ 20 ᠵᠤᠷᠪᠤᠰ ᠵᠠᠰᠠᠵᠤ᠂ ᠡᠭᠦᠨ ᠳᠤ ᠵᠠᠯᠭᠠᠵᠤ ᠵᠠᠰᠠᠬᠰᠠᠨ ᠨᠢ 14 ᠵᠤᠷᠪᠤᠰ᠂ ᠰᠢᠨ᠎ᠡ ᠪᠡᠷ ᠵᠠᠰᠠᠭᠰᠠᠨ ᠨᠢ 6 ᠵᠤᠷᠪᠤᠰ ᠪᠠᠶᠢᠨ᠎ᠠ᠃ 55 ᠵᠤᠷᠪᠤᠰ ᠵᠠᠮ ᠢ ᠵᠠᠰᠠᠨ ᠰᠢᠨᠡᠳᠭᠡᠬᠦ ᠪᠡᠷ ᠲᠦᠯᠦᠪᠡᠯᠡᠵᠤ᠂  ᠡᠭᠦᠨ ᠳᠤ 32 ᠵᠤᠷᠪᠤᠰ ᠢ ᠵᠠᠯᠭᠠᠨ ᠰᠢᠨᠡᠳᠬᠡᠵᠤ᠂ 23 ᠵᠤᠷᠪᠤᠰ ᠢ ᠡᠬᠢᠯᠡᠵᠤ ᠰᠢᠨᠡᠳᠬᠡᠬᠦ ᠪᠤᠯᠤᠭᠰᠠᠨ ᠶᠤᠮ᠃ ᠵᠢᠯ ᠳᠤ ᠭᠤᠤᠯ ᠴᠢᠬᠤᠯᠠ ᠠᠦ᠋ᠲ᠋ᠤ‍ ᠵᠠᠮ ᠢ 4005.8 ᠺᠢᠯᠤᠮᠧᠲ᠋ᠷ ᠵᠠᠰᠠᠵᠤ᠂ 367.83 ᠳ᠋ᠦᠨᠭᠰᠢᠭᠤᠷ ᠳᠦᠬᠦᠷᠢᠭ᠌ ᠤᠨ ᠪᠡᠯᠡ ᠤᠷᠤᠭᠤᠯᠬᠤ ᠪᠡᠷ ᠲᠦᠯᠦᠪᠯᠡᠪᠡ᠂ ᠭᠤᠤᠯ ᠵᠠᠮ ᠤᠨ ᠰᠦᠯᠵᠢᠶ᠎ᠡ ᠶᠢ 4228.9 ᠺᠢᠯᠤᠮᠧᠲ᠋ᠷ ᠪᠠᠶᠢᠭᠤᠯᠵᠤ᠂ 244.71 ᠳ᠋ᠦᠨᠭᠰᠢᠭᠤᠷ ᠳᠦᠬᠦᠷᠢᠭ᠌ ᠤᠨ ᠪᠡᠯᠡ ᠤᠷᠤᠭᠤᠯᠬᠤ ᠪᠡᠷ ᠲᠦᠯᠦᠪᠡᠯᠡᠪᠡ᠃ 9 ᠰᠠᠷ ᠠ ᠶᠢᠨ ᠰᠡᠭᠦᠯᠴᠢ ᠪᠤᠯᠬᠤ ᠳᠤ ᠤᠷᠤᠨ ᠲᠠᠶᠠᠭᠠᠷ ᠤᠨ ᠬᠡᠪᠴᠢᠶᠡᠨ ᠳᠤ 29613 ᠺᠢᠯᠤᠮᠧᠲ᠋ᠷ ᠠᠦ᠋ᠲ᠋ᠤ‍ ᠵᠠᠮ ᠢ ᠵᠠᠰᠠᠵᠤ᠂ ᠡᠭᠦᠨ ᠳᠤ ᠳᠦᠷᠬᠡᠨ ᠤ ᠠᠦ᠋ᠲ᠋ᠤ‍ ᠵᠠᠮ 1636 ᠺᠢᠯᠤᠮᠧᠲ᠋ᠷ᠂ ᠨᠢᠭᠡᠳᠦᠭᠡᠷ ᠵᠡᠷᠬᠡᠯᠡᠯ ᠤᠨ ᠠᠦ᠋ᠲ᠋ᠤ‍ ᠵᠠᠮ ᠢ 2070 ᠺᠢᠯᠤᠮᠧᠲ᠋ᠷ ᠵᠠᠰᠠᠭᠰᠠᠨ ᠪᠠᠶᠢᠨ᠎ᠠ᠃

    ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ ᠠ᠂ ᠵᠠᠰᠠᠭ ᠤᠨ ᠤᠷᠳᠤᠨ ᠨᠢ 2017 ᠤᠨ ᠤ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠪᠤᠯᠬᠤ ᠳᠠᠰᠢᠷᠠᠮ ᠢᠶᠡᠷ ᠨᠦᠬᠦᠴᠡᠯ ᠭᠦᠢᠴᠡᠭᠰᠡᠨ ᠭᠠᠴᠠᠭ᠎ᠠ ᠪᠤᠯᠭᠠᠨ ᠳᠤ ᠦᠨᠳᠤᠰᠤᠨ ᠳᠤ ᠪᠠᠨ ᠬᠠᠷ ᠠ ᠪᠠᠷᠤᠭᠰᠢᠨ ᠵᠠᠮ ᠬᠢᠭᠡᠳ ᠼᠧᠮᠧᠨ᠋ᠲ᠋ᠤᠨ ᠵᠠᠮ ᠢ ᠨᠡᠪᠲᠡᠷᠡᠭᠦᠯᠬᠦ ᠬᠠᠷᠠᠯᠳᠠ ᠶᠢ ᠳᠤᠭᠳᠠᠭᠰᠠᠨ ᠶᠤᠮ᠃ ᠦᠨᠤ ᠵᠢᠯ ᠳᠤ ᠬᠦᠳᠡᠭᠡ ᠤᠷᠤᠨ ᠨᠤᠳᠤᠭ ᠲᠤ 1.9 ᠲᠦᠮᠡᠨ ᠺᠢᠯᠤᠮᠧᠲ᠋ᠷ ᠤᠨ ᠠᠦ᠋ᠲ᠋ᠤ‍ ᠵᠠᠮ ᠢ ᠨᠡᠪᠲᠡᠷᠡᠭᠦᠯᠬᠦ ᠪᠡᠷ ᠲᠦᠯᠦᠪᠯᠡᠵᠤ᠂ ᠰᠢᠨ᠎ᠡ ᠪᠡᠷ 2200 ᠭᠠᠴᠠᠭ᠎ᠠ ᠲᠤᠰᠬᠤᠨ ᠳᠤ ᠬᠠᠲᠠᠭᠤ ᠵᠠᠮ ᠪᠠᠶᠢᠭᠤᠯᠬᠤ ᠪᠡᠷ ᠲᠤᠭᠲᠠᠵᠠᠢ᠂ ᠵᠢᠯ ᠤᠨ ᠰᠡᠭᠦᠯᠴᠢ ᠪᠤᠯᠬᠤ ᠳᠤ ᠬᠦᠳᠡᠭᠡ ᠲᠤᠰᠬᠤᠨ ᠤ ᠵᠠᠮ ᠨᠡᠪᠲᠡᠷᠡᠴᠡ ᠵᠢ 95% ᠳ᠋ᠤ ᠬᠦᠷᠭᠡᠬᠦ ᠪᠤᠯᠤᠨ᠎ᠠ᠃ ᠰᠢᠨ᠎ᠡ ᠪᠡᠷ 3444 ᠭᠠᠴᠠᠭ᠎ᠠ ᠲᠤᠰᠬᠤᠨ ᠤ ᠵᠡᠬᠡᠯᠢ ᠭᠤᠳᠤᠮᠵᠢ ᠶᠢ ᠬᠠᠳᠠᠭᠤᠷᠠᠭᠤᠯᠬᠤ ᠪᠡᠷ ᠲᠦᠯᠦᠪᠯᠡᠵᠤ᠂ ᠤᠷᠤᠨ ᠲᠠᠶᠠᠭᠠᠷ ᠤᠨ ᠬᠡᠪᠴᠢᠶᠡᠨ ᠳᠤ ᠪᠦᠷᠬᠦᠬᠦᠯᠬᠦ ᠪᠡᠷ ᠪᠠᠶᠢᠨ᠎ᠠ᠃ 9 ᠰᠠᠷ ᠠ ᠶᠢᠨ ᠰᠡᠭᠦᠯᠴᠢ ᠪᠤᠯᠬᠤ ᠳᠤ ᠬᠦᠳᠡᠭᠡ ᠲᠤᠰᠬᠤᠨ ᠤ ᠠᠦ᠋ᠲ᠋ᠤ‍ ᠵᠠᠮ ᠳᠤ ᠨᠢᠭᠡᠨᠲᠡ 163.5 ᠳ᠋ᠦᠨᠭᠰᠢᠭᠤᠷ ᠳᠦᠬᠦᠷᠢᠭ᠌ ᠤᠨ ᠪᠡᠯᠡ ᠤᠷᠤᠭᠤᠯᠵᠤ᠂ ᠭᠠᠴᠠᠭ᠎ᠠ ᠲᠤᠰᠬᠤᠨ ᠤ ᠵᠡᠭᠡᠯᠢ ᠭᠤᠲᠤᠮᠵᠢ ᠢ ᠬᠠᠳᠠᠭᠤᠷᠠᠭᠤᠯᠬᠤ ᠳᠤ 150.4 ᠳ᠋ᠦᠨᠭᠰᠢᠭᠤᠷ ᠳᠦᠬᠦᠷᠢᠭ᠌ ᠤᠨ ᠪᠡᠯᠡ ᠤᠷᠤᠭᠤᠯᠪᠠ᠃ (ᠳᠠᠳᠤᠯᠭ᠎ᠠ ᠶᠢᠨ ᠰᠤᠷᠤᠭᠴᠢ ᠬᠤᠷᠴᠠ ᠤᠷᠴᠢᠭᠤᠯᠪᠠ)

ᠢᠷᠡᠯᠳᠡ᠄ ᠤᠮᠠᠷᠠᠳᠤ ᠶᠢᠨ ᠰᠢᠨ᠎ᠡ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119755652