蒙古文网站Logo
ᠰᠢᠨᠬᠤᠸᠠ ᠮᠤᠩᠭ᠋ᠤᠯ ᠨᠧᠲ

ᠤᠯᠤᠰ ᠡᠴᠡ ᠤᠢᠢᠯᠡᠳᠪᠦᠷᠢᠯᠡᠭᠰᠡᠨ ᠦᠶᠡᠷ ᠢ ᠰᠡᠷᠭᠡᠢᠢᠯᠡᠬᠦ ᠭᠡᠷᠡᠮ ᠬᠡᠷᠭᠡᠯᠡᠭᠡᠨ ᠳᠤ ᠤᠷᠤᠪᠠ 

2016-10-20 17:46

    ᠨᠢᠭᠡ ᠵᠤᠢᠢᠯ ᠤᠨ ᠦᠶᠡᠷ ᠢ ᠰᠡᠷᠭᠡᠢᠢᠯᠡᠬᠦ ᠬᠡᠷᠡᠮ ᠢ ᠬᠤᠪᠸᠢ ᠮᠤᠵᠢ ᠢᠢᠨ ᠬᠠᠨᠺᠸᠤ ᠳ᠋ᠦ ᠬᠡᠷᠡᠭᠯᠡᠬᠡᠨ ᠳᠤ ᠤᠷᠤᠭᠤᠯᠪᠠ᠃ ᠲᠤᠰ ᠦᠶᠡᠷ ᠢ ᠰᠡᠷᠭᠡᠢᠢᠯᠡᠬᠦ ᠬᠡᠷᠡᠮ  ᠪᠤᠯ ᠦᠬᠠᠨ ᠬᠤᠲᠠ ᠢᠢᠨ ᠦᠶᠡᠷ ᠢ ᠰᠡᠷᠭᠡᠢᠢᠯᠡᠬᠦ ᠬᠠᠶᠢᠨ ᠪᠠᠢᠢᠴᠠᠭᠠᠬᠤ ᠲᠦᠯᠦᠪᠯᠡᠬᠦ ᠬᠦᠷᠢᠶᠡᠯᠡᠩ ᠡᠴᠡ ᠭᠤᠤᠯᠯᠠᠨ ᠰᠤᠳᠤᠯᠵᠤ ᠭᠠᠷᠭᠠᠭᠰᠠᠨ ᠤᠭᠰᠠᠷᠠᠬᠤ ᠮᠠᠶ᠊ᠢᠭ ᠤᠨ ᠦᠶᠡᠷ ᠢ ᠰᠡᠷᠭᠡᠢᠢᠯᠡᠬᠦ ᠬᠡᠷᠡᠮ ᠪᠤᠯᠤᠨ᠎ᠠ᠂ ᠲᠤᠯᠭᠠᠭᠤᠷᠢ ᠨᠢ ᠵᠢᠪᠡᠷᠡᠳᠡᠭ ᠦᠭᠡᠢ ᠪᠤᠯᠤᠳ ᠮᠠᠲ᠋ᠧᠷᠢᠶᠡᠯ᠂ ᠬᠠᠯᠬᠠᠪᠴᠢ ᠬᠠᠪᠲᠠᠰᠤ ᠳ᠋ᠦ ᠬᠦᠩᠭᠡᠨ ᠴᠠᠭᠠᠨ ᠤ ᠬᠠᠢᠢᠯᠤᠰᠢ ᠶᠢᠨ ᠲᠤᠰᠬᠠᠢ ᠮᠠᠲ᠋ᠧᠷᠢᠶᠠᠯ ᠢ ᠬᠡᠷᠡᠭᠯᠡᠪᠡ᠂ ᠦᠶᠡᠷ ᠤᠨ ᠤᠰᠤᠨ ᠳᠤ ᠤᠷᠲᠤ ᠬᠤᠭᠤᠴᠠᠭ᠎ᠠ ᠳᠡᠪᠲᠦᠬᠦ ᠪᠡ ᠦᠨᠳᠦᠷ ᠳᠠᠷᠤᠯᠲᠠ ᠶᠢ ᠳᠠᠭᠠᠭᠠᠬᠤ ᠴᠢᠳᠠᠮᠵᠢ ᠲᠠᠢ᠃ ᠤᠰᠤᠨ ᠲᠦᠪᠰᠢᠨ ᠳᠤᠤᠷ᠎ᠠ ᠦᠶ᠎ᠡ ᠳᠤ ᠤᠭᠰᠠᠷᠠᠬᠤ ᠮᠠᠶ᠊ᠢᠭ ᠤᠨ ᠦᠶᠡᠷ ᠢ ᠰᠡᠷᠭᠡᠢᠢᠯᠡᠬᠦ ᠬᠡᠷᠡᠮ ᠢ ᠬᠡᠷᠡᠭᠯᠡᠬᠦ ᠦᠭᠡᠢ᠂ ᠦᠶᠡᠷ ᠤᠨ ᠤᠯᠠᠷᠢᠯ ᠳᠤ ᠮᠠᠰᠢ ᠬᠤᠷᠳᠤᠨ ᠢᠢᠡᠷ ᠤᠭᠰᠠᠷᠠᠨ ᠬᠡᠷᠡᠭᠯᠡᠵᠦ ᠪᠤᠯᠤᠨ᠎ᠠ᠃ ( ᠵᠢᠷᠤᠭ ᠢ ᠰᠢᠨᠬᠤᠸᠠ ᠬᠤᠷᠢᠶ᠎᠎ᠠ ᠶᠢᠨ ᠰᠤᠷᠪᠤᠯᠵᠢᠯᠠᠭᠴᠢ ᠴᠸᠩ ᠮᠢᠨ) 

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119758313