蒙古文网站Logo
ᠰᠢᠨᠬᠤᠸᠠ ᠮᠤᠩᠭ᠋ᠤᠯ ᠨᠧᠲ

ᠤᠪᠤᠭ᠎ᠠ ᠲᠠᠬᠢᠵᠤ ᠠᠮᠤᠷ ᠠᠮᠤᠭᠤᠯᠠᠩ ᠢᠶᠡᠨ ᠳᠠᠭᠠᠳᠬᠠᠨ᠎ᠠ

2017-02-24 10:56

    2 ᠰᠠᠷ᠎ᠠ ᠶᠢᠨ 23 ᠤ ᠦᠳᠡ ᠶᠢᠨ ᠡᠮᠦᠨ᠎ᠡ᠂ ᠷᠠᠰᠢᠶᠠᠨ ᠤ ᠲᠤᠬᠠᠢ ᠶᠢᠨ ᠤᠷᠤᠨ ᠤ ᠮᠠᠯᠴᠢᠳ ᠮᠣᠩᠭᠣᠯ ᠲᠡᠪᠡᠯ ᠢᠶᠡᠨ ᠡᠮᠦᠰᠴᠤ ᠢᠳᠡᠭᠡ ᠰᠢᠭᠦᠰᠤ᠂ ᠰᠦ᠋ ᠴᠡᠭᠡᠨ ᠤ ᠲᠡᠭᠡᠵᠢ ᠪᠡᠨ ᠡᠷᠭᠦᠵᠤ᠂ ᠰᠠᠮᠪᠠᠢ ᠬᠠᠳᠠᠭ᠂ ᠬᠡᠶᠢᠮᠦᠷᠢ ᠰᠦᠯᠲᠡ ᠪᠡᠨ ᠡᠯᠭᠦᠵᠤ᠂ ᠤᠪᠤᠭ᠎ᠠ ᠪᠡᠨ ᠲᠤᠭᠤᠷᠢᠨ ᠠᠭᠤᠯᠠ ᠤᠰᠤᠨ ᠤ ᠪᠡᠨ ᠨᠠᠪᠲᠠᠭ ᠰᠠᠪᠲᠠᠭ᠂ ᠬᠤᠷ᠎ᠠ ᠤᠰᠤᠨ ᠲᠡᠭᠰᠢ ᠳᠡᠯᠭᠡᠷ᠂ ᠭᠡᠷ ᠬᠤᠲᠠᠯᠠᠭᠠᠷ ᠢᠶᠡᠷ ᠢᠶᠡᠨ ᠠᠮᠤᠷ ᠠᠮᠤᠭᠤᠯᠠᠩ ᠪᠠᠶᠢᠬᠤ ᠪᠡᠨ ᠨᠠᠮᠠᠨᠴᠢᠯᠠᠨ ᠳᠠᠭᠠᠳᠬᠠᠵᠤ ᠬᠢᠩᠭ᠋ᠠᠨ ᠤᠪᠤᠭ᠎ᠠ ᠪᠡᠨ ᠦᠪᠡᠳᠡᠭᠰᠢ ᠲᠠᠬᠢᠯ᠎ᠠ᠃

    ᠷᠠᠰᠢᠶᠠᠨ ᠤ ᠬᠢᠩᠭ᠋ᠠᠨ ᠠᠪᠤᠭ᠎ᠠ ᠦᠨᠳᠦᠷ ᠢᠶᠡᠷ ᠢᠶᠡᠨ 88 ᠮᠧᠲ᠋ᠷ᠂ ᠦᠷᠭᠡᠨ ᠢᠶᠡᠷ ᠢᠶᠡᠨ 48 ᠮᠧᠲ᠋ᠷ᠂ ᠡᠨᠡ ᠨᠢ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠳᠠᠯᠠᠢ ᠶᠢᠨ ᠲᠦᠪᠰᠢᠨ ᠡᠴᠡ ᠳᠡᠭᠡᠭ᠍ᠰᠢᠬᠢ ᠬᠠᠮᠤᠭ ᠤᠨ ᠦᠨᠳᠦᠷ ᠲᠠᠬᠢᠯᠭ᠎ᠠ ᠶᠢᠨ ᠤᠪᠤᠭ᠎ᠠ ᠪᠠᠶᠢᠵᠤ᠂ ᠳᠠᠯᠠᠢ ᠶᠢᠨ ᠲᠦᠪᠰᠢᠨ ᠡᠴᠡ ᠳᠡᠭᠡᠭ᠍ᠰᠢ 1734 ᠮᠧᠲ᠋ᠷ ᠤᠨ ᠡᠷᠭᠦᠭ᠍ᠳᠡᠴᠡ ᠲᠠᠢ ᠬᠢᠩᠭ᠋ᠠᠨ ᠳᠠᠪᠠᠭᠠᠨ ᠤ ᠬᠤᠶᠠᠳᠤᠭᠠᠷ ᠦᠨᠳᠦᠷ ᠤᠷᠬᠢᠯ᠂ 《ᠬᠢᠩᠭ᠋ᠠᠨ ᠤ ᠨᠢᠭᠡᠳᠦᠭᠡᠷ ᠤᠪᠤᠭ᠎ᠠ》 ᠬᠡᠮᠡᠭᠳᠡᠵᠤ᠂ ᠶᠡᠬᠡ ᠬᠢᠩᠭ᠋ᠠᠨ ᠳᠠᠪᠠᠭᠠᠨ ᠤ ᠪᠦᠰᠡ ᠨᠤᠲᠤᠭ ᠤᠨ ᠳᠠᠯᠠᠢ ᠶᠢᠨ ᠲᠦᠪᠰᠢᠨ ᠡᠴᠡ ᠳᠡᠭᠡᠭ᠍ᠰᠢᠬᠢ ᠬᠠᠮᠤᠭ ᠤᠨ ᠦᠨᠳᠦᠷ᠂ ᠬᠡᠪᠴᠢᠶ᠎ᠠ ᠪᠡᠷ ᠬᠠᠮᠤᠭ ᠤᠨ ᠶᠡᠬᠡ ᠪᠠᠶᠢᠳᠠᠭ ᠢᠶᠡᠷ ᠢᠶᠡᠨ ᠤᠨᠴᠠᠯᠢᠭᠳᠠᠵᠠᠢ᠃ ᠤᠪᠤᠭᠠᠨ ᠤ ᠳᠤᠤᠷ᠎ᠠ ᠷᠠᠰᠢᠶᠠᠨ ᠤᠰᠤ᠂ ᠶᠦᠩ ᠾᠧ ᠭᠦᠩ ᠤᠨ ᠰᠤᠳᠤᠷ ᠵᠢᠴᠢ ᠷᠠᠰᠢᠶᠠᠨ ᠬᠤᠲᠠ ᠶᠢᠨ ᠵᠠᠰᠠᠭ ᠤᠨ ᠤᠷᠳᠤᠨ ᠡᠴᠡ ᠢᠷᠡᠭᠡᠳᠦᠢ ᠶᠢᠨ ᠷᠠᠰᠢᠶᠠᠨ ᠤ ᠢᠷᠭᠡᠳ ᠲᠤ ᠪᠡᠨ ᠪᠢᠴᠢᠭᠰᠡᠨ ᠵᠠᠬᠢᠳᠠᠯ ᠢ ᠳᠠᠷᠤᠵᠤ ᠪᠤᠢ᠃ ( ᠳᠠᠳᠤᠯᠭ᠎ᠠ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120691120523339