蒙古文网站Logo
ᠰᠢᠨᠬᠤᠸᠠ ᠮᠤᠩᠭ᠋ᠤᠯ ᠨᠧᠲ

《ᠠᠶᠠᠯᠠᠯ ᠵᠢᠭᠤᠯᠴᠢᠯᠠᠯ ᠤᠨ ᠴᠠᠭᠳᠠᠭ᠎ᠠ》ᠳ᠋ᠦ᠋ ᠵᠢᠶᠠᠩ ᠶᠠᠨ ᠦᠵᠡᠮᠦᠷᠢ ᠶᠢᠨ ᠤᠷᠤᠨ ᠳᠤ ᠴᠠᠭᠳᠠᠨ ᠪᠠᠶᠢᠴᠠᠭᠠᠨ᠎ᠠ

2017-04-30 11:48

    4 ᠰᠠᠷ᠎ᠠ ᠶᠢᠨ 29 ᠤ ᠡᠳᠤᠷ᠂ 140 ᠨᠡᠷᠡᠰ 《ᠠᠶᠠᠯᠠᠯ ᠵᠢᠭᠤᠯᠴᠢᠯᠠᠯ ᠤᠨ ᠴᠠᠭᠳᠠᠭ᠎ᠠ》 ᠰᠧᠴᠤᠸᠠᠨ ᠤ ᠴᠧᠩᠳ᠋ᠦ᠋ ᠶᠢᠨ ᠳ᠋ᠦ᠋ ᠵᠢᠶᠠᠩ ᠶᠠᠨ ᠦᠵᠡᠮᠦᠷᠢ ᠶᠢᠨ ᠤᠷᠤᠨ ᠳᠤ ᠴᠠᠭᠳᠠᠨ ᠪᠠᠶᠢᠴᠠᠭᠠᠨ᠎ᠠ᠃ ᠤᠶᠢᠯᠠᠭᠠᠭᠰᠠᠨ ᠢᠶᠡᠷ᠂ ᠳ᠋ᠦ᠋ ᠵᠢᠶᠠᠩ ᠶᠠᠨ ᠬᠤᠳᠠ ᠶᠢᠨ 《ᠠᠶᠠᠯᠠᠯ ᠵᠢᠭᠤᠯᠴᠢᠯᠠᠯ ᠤᠨ ᠴᠠᠭᠳᠠᠭ᠎ᠠ》 ᠶᠢᠨ ᠶᠡᠬᠡ ᠠᠩᠬᠢ ᠬᠤᠳᠠ ᠲᠠᠶᠠᠭᠠᠷ ᠤᠨ ᠬᠡᠪᠴᠢᠶᠡᠨ ᠳᠤ ᠦᠵᠡᠮᠦᠷᠢ ᠶᠢᠨ ᠤᠷᠤᠨ ᠪᠤᠯᠤᠨ ᠬᠤᠳᠠ ᠶᠢᠨ ᠵᠡᠭᠡᠯᠢ ᠪᠡᠷ ᠴᠠᠭᠳᠠᠨ ᠪᠠᠶᠢᠴᠠᠭᠠᠬᠤ ᠠᠵᠢᠯᠯᠠᠭ᠎ᠠ ᠦᠷᠨᠢᠬᠦᠯᠪᠡ᠃ ᠲᠡᠳᠡ ᠵᠢᠭᠤᠯᠴᠢᠳ ᠤᠨ ᠲᠦᠭᠰᠢᠬᠦᠷᠢ ᠮᠡᠳᠡᠭᠡᠯᠡᠬᠦ᠂ ᠲᠤᠰᠠᠯᠠᠮᠵᠢ ᠭᠤᠶᠤᠬᠤ ᠪᠤᠯᠤᠨ ᠠᠰᠠᠭᠤᠨ ᠯᠠᠪᠯᠠᠬᠤ ᠶᠢ ᠬᠦᠯᠢᠶᠡᠨ ᠠᠪᠴᠤ᠂ ᠠᠶᠠᠯᠠᠯ ᠵᠢᠭᠤᠯᠴᠢᠯᠠᠯ ᠤᠨ ᠵᠠᠬ᠎ᠠ ᠵᠡᠬᠡᠯᠢ ᠶᠢᠨ ᠲᠦᠷᠢᠮ ᠢ ᠵᠦᠷᠢᠴᠡᠭᠰᠡᠨ ᠬᠠᠤᠯᠢ ᠶᠢ ᠵᠦᠷᠢᠴᠡᠭᠰᠡᠨ ᠠᠵᠢᠯᠯᠠᠭ᠎ᠠ ᠶᠢ ᠪᠠᠶᠢᠴᠠᠭᠠᠨ ᠰᠢᠶ᠋ᠳᠪᠦᠷᠢᠯᠡᠬᠦ ᠶᠢᠨ ᠲᠠᠭᠠᠤ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠰᠠᠯᠠᠭ᠎ᠠ ᠮᠦᠴᠢᠷ ᠤᠨ ᠦᠷᠨᠢᠬᠦᠯᠦᠭᠰᠡᠨ ᠠᠶᠠᠯᠠᠯ ᠵᠢᠭᠤᠯᠴᠢᠯᠠᠯ ᠳᠤ ᠬᠤᠯᠪᠤᠭᠳᠠᠬᠤ ᠬᠡᠷᠡᠭ ᠢ ᠪᠠᠶᠢᠴᠠᠭᠠᠨ ᠰᠢᠶ᠋ᠳᠪᠦᠷᠢᠯᠡᠬᠦ ᠠᠵᠢᠯ ᠳᠤ ᠬᠠᠮᠵᠢᠵᠤ ᠪᠤᠢ᠃

4 ᠰᠠᠷ᠎ᠠ ᠶᠢᠨ 29 ᠤ ᠡᠳᠤᠷ᠂ 《ᠠᠶᠠᠯᠠᠯ ᠵᠢᠭᠤᠯᠴᠢᠯᠠᠯ ᠤᠨ ᠴᠠᠭᠳᠠᠭ᠎ᠠ》ᠳ᠋ᠦ᠋ ᠵᠢᠶᠠᠩ ᠶᠠᠨ ᠦᠵᠡᠮᠦᠷᠢ ᠶᠢᠨ ᠤᠷᠤᠨ ᠳᠤ ᠴᠠᠭᠳᠠᠨ ᠪᠠᠶᠢᠴᠠᠭᠠᠵᠤ ᠪᠤᠢ ( ᠵᠢᠷᠤᠭ ᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠯᠢ ᠯᠢ ᠺᠧ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120691120897490