蒙古文网站Logo
ᠰᠢᠨᠬᠤᠸᠠ ᠮᠤᠩᠭ᠋ᠤᠯ ᠨᠧᠲ

《ᠮᠠᠯᠵᠢᠬᠤ ᠰᠤᠶᠤᠯ》 ᠳᠤ ᠬᠦᠨᠵᠡᠬᠡᠶᠢᠷᠡᠬᠦ ᠥᠢᠯᠡᠳᠤᠯᠬᠡ ᠶᠢᠨ ᠠᠵᠢᠯᠯᠠᠭ᠎ᠠ ᠦᠷᠨᠢᠬᠦᠯᠪᠡ

2017-06-07 11:59

 

   6 ᠰᠠᠷ᠎ᠠ ᠶᠢᠨ 3 ᠤ ᠡᠳᠤᠷ᠂ ᠤᠳᠤᠬ ᠬᠤᠰᠢᠭᠤᠨ ᠤ ᠮᠤᠩᠭ᠋ᠤᠯ ᠦᠨᠳᠦᠰᠦᠲᠡᠨ ᠦ ᠲᠤᠷᠰᠢᠯᠲᠠ ᠶ᠋ᠢᠨ ᠪᠠᠭ᠎ᠠ ᠰᠤᠷᠭᠠᠠᠭᠤᠯᠢ ᠶᠢᠨ 178 ᠳ᠋ᠤᠭᠠᠷ ᠠᠩᠬᠢ ᠶᠢᠨ ᠪᠠᠭᠰᠢ᠂ ᠰᠤᠷᠤᠭᠴᠢ ᠪᠠ ᠭᠡᠷ ᠦᠨ ᠠᠬᠠᠮᠠᠳ ᠠᠷᠪᠠᠰ ᠰᠤᠮᠤᠨ ᠤ ᠤᠯᠠᠭᠠᠠᠤᠰᠤ ᠭᠠᠴᠠᠭᠠᠨ ᠳᠤ ᠨᠢᠭᠡ ᠡᠳᠦᠷ ᠦᠨ《ᠮᠠᠯᠵᠢᠬᠤ ᠰᠤᠶᠤᠯ 》 ᠳᠤ ᠬᠦᠨᠵᠡᠬᠡᠶᠢᠷᠡᠬᠦ ᠦᠢᠯᠡᠳᠤᠯᠬᠡ ᠶᠢᠨ ᠠᠵᠢᠯᠯᠠᠭ᠎ᠠ ᠦᠷᠨᠢᠬᠦᠯᠪᠡ᠃

    ᠲᠤᠰ ᠠᠵᠢᠯᠯᠠᠭ᠎ᠠ ᠳᠤ᠂ ᠬᠡᠦᠬᠡᠳ ᠲᠤ ᠲᠠᠪᠤᠨ ᠬᠤᠰᠢᠭᠤ ᠮᠠᠯ ᠤᠨ ᠲᠤᠬᠠᠢ ᠮᠡᠳᠡᠯᠭᠡ ᠤᠨᠴᠠᠭᠠᠶᠢᠯᠠᠨ ᠮᠣᠷᠢᠨ ᠤ ᠡᠳ᠋ᠯᠡᠯ ᠬᠡᠷᠡᠭᠰᠡᠯ ᠵᠢᠴᠢ ᠨᠡᠷᠡᠶᠢᠳᠤᠯ᠂ ᠬᠡᠷᠡᠭᠴᠡᠭᠡ ᠦᠢᠯᠡᠳᠤᠯ ᠪᠤᠯᠤᠨ ᠮᠣᠷᠢ ᠴᠢᠳᠦᠷᠯᠡᠬᠦ᠂ ᠳᠤᠱᠠᠬᠤ ᠶ᠋ᠢᠨ ᠢᠯᠭᠠᠭ᠎ᠠ ᠶ᠋ᠢ ᠪᠤᠳᠠᠲᠠᠢ ᠵᠢᠭᠠᠨ ᠲᠠᠨᠢᠭᠤᠯᠵᠠᠢ᠃ ᠡᠬᠦᠨ ᠤ ᠲᠠᠭᠠᠤ ᠲᠠᠪᠤᠨ ᠬᠤᠰᠢᠭᠤ ᠮᠠᠯ ᠤᠨ ᠳᠤᠤᠭᠠᠷᠬᠤ ᠳᠠᠭᠤ ᠪᠤᠯᠤᠨ ᠠᠷᠭᠠᠯ᠂ ᠬᠤᠮᠤᠯ᠂ ᠬᠣᠷᠭᠣᠯ ᠵᠡᠷᠬᠡ ᠶᠢ ᠢᠯᠭᠠᠨ ᠲᠠᠨᠢᠭᠤᠯᠪᠠ᠃

    ᠠᠵᠢᠯᠯᠠᠭᠠᠨ ᠳᠤ ᠪᠠᠰᠠ ᠪᠠᠭᠰᠢ ᠪᠤᠯᠤᠨ ᠭᠡᠷ ᠦᠨ ᠠᠬᠠᠮᠠᠳ ᠡᠴᠡ ᠬᠣᠨᠢ ᠬᠠᠶᠢᠴᠢᠯᠠᠬᠤ᠂ ᠢᠮᠠᠭ᠎ᠠ ᠰᠠᠮᠨᠠᠬᠤ ᠶᠢ ᠪᠤᠳᠠᠳᠠᠢ ᠦᠢᠯᠡᠳᠤᠯᠬᠡᠵᠢᠬᠦᠯᠦᠨ ᠬᠠᠷᠠᠭᠤᠯᠵᠤ᠂ ᠬᠡᠦᠬᠡᠳ ᠲᠤ ᠬᠣᠨᠢᠨ ᠤ ᠨᠤᠤᠰᠤ᠂ ᠢᠮᠠᠭᠠᠨ ᠤ ᠨᠤᠤᠯᠤᠭᠤᠷ ᠤᠨ ᠦᠢᠯᠡᠳᠤᠯ ᠬᠡᠷᠡᠭᠴᠡᠭᠡ ᠶᠢᠨ ᠲᠤᠬᠠᠢ ᠶᠠᠷᠢᠵᠤ ᠦᠭ᠍ᠪᠡ᠃

    ᠡᠬᠦᠨ ᠡᠴᠡ ᠭᠠᠳᠠᠨ᠎ᠠ᠂ ᠲᠤᠰ ᠠᠵᠢᠯᠯᠠᠭᠠᠨ ᠳᠤ ᠲᠠᠭᠠᠨ᠎ᠠ ᠲᠡᠬᠦᠬᠦ ᠤᠷᠤᠯᠳᠤᠭᠠᠨ᠂ ᠠᠷᠭᠠᠯ ᠲᠡᠬᠦᠬᠦ ᠤᠷᠤᠯᠳᠤᠭᠠᠨ᠂ ᠲᠡᠭᠡᠰᠤ ᠲᠠᠳᠠᠬᠤ ᠤᠷᠤᠯᠳᠤᠭᠠᠨ ᠵᠡᠷᠬᠡ ᠬᠡᠦᠬᠡᠳ ᠤᠨ ᠰᠤᠨᠢᠷᠬᠠᠯᠳᠠᠢ ᠤᠷᠤᠯᠳᠤᠭᠠᠨ ᠵᠤᠬᠢᠶᠠᠨ ᠪᠠᠶᠢᠭᠤᠯᠤᠭᠰᠠᠨ ᠪᠠᠶᠢᠨ᠎ᠠ᠃

    ᠲᠤᠰ ᠠᠵᠢᠯᠯᠠᠭ᠎ᠠ ᠨᠢ ᠤᠳᠤᠬᠠᠨ ᠤ ᠬᠣᠲᠠ ᠬᠦᠳᠡᠭᠡ ᠬᠡᠵᠤ ᠢᠯᠭᠠᠯ ᠦᠭᠡᠢ ᠮᠣᠩᠭᠣᠯ ᠬᠡᠤᠬᠡᠳ ᠪᠦᠬᠦᠯᠢ ᠭᠤᠷᠪᠠᠨ ᠨᠠᠰᠤ ᠬᠦᠷᠦᠮᠡᠡᠭᠴᠡ ᠬᠤᠲᠠ ᠪᠠᠯᠭᠠᠰᠤᠨ ᠦ ᠴᠡᠴᠡᠷᠯᠢᠭ᠌᠌ ᠲᠤ ᠤᠷᠤᠵᠦ ᠬᠦ᠋ᠢᠮᠦᠵᠢᠯ ᠬᠦᠷᠲᠡᠳᠡᠭ ᠡᠴᠡ ᠮᠠᠯᠵᠢᠬᠤ ᠰᠤᠶᠤᠯ ᠡᠴᠡ ᠵᠠᠢᠢᠳᠠᠭᠤ ᠪᠤᠯᠤᠬᠰᠠᠨ ᠪᠠᠶᠢᠳᠠᠯ ᠳ᠋ᠦ ᠴᠢᠭᠯᠡᠭᠦᠯᠦᠨ ᠰᠤᠷᠤᠬᠴᠢ᠂ ᠪᠠᠬᠰᠢ᠂ ᠭᠡᠷ ᠤᠨ ᠠᠬᠠᠮᠠᠳ ᠢ ᠲᠠᠢᠢᠴᠢᠯᠠᠨ ᠭᠡᠤᠭᠡᠳ ᠲᠦ ᠮᠠᠯᠵᠢᠬᠤ ᠰᠤᠶᠤᠯ ᠢ ᠪᠤᠳᠠᠳᠠᠢ ᠲᠠᠨᠢᠭᠤᠯᠬᠤ ᠢᠢ ᠵᠤᠷᠢᠭᠰᠠᠨ ᠪᠠᠶᠢᠨ᠎ᠠ᠃ (ᠵᠢᠷᠤᠭ ᠢ ᠲᠤᠶᠠᠭᠠᠲᠤ)

ᠲᠤᠰ ᠠᠵᠢᠯᠯᠠᠭ᠎ᠠ ᠳᠤ ᠤᠷᠤᠯᠴᠠᠭᠰᠠᠨ ᠬᠡᠦᠬᠡᠳ ᠬᠠᠮᠳᠤ ᠶᠢᠨ ᠵᠢᠷᠤᠭ ᠠᠪᠬᠠᠭᠤᠯᠪᠠ

ᠭᠡᠷ ᠦᠨ ᠠᠬᠠᠮᠠᠳ ᠮᠣᠷᠢᠨ ᠤ ᠡᠳ᠋ᠯᠡᠯ ᠬᠡᠷᠡᠭᠰᠡᠯ ᠵᠢᠴᠢ ᠨᠡᠷᠡᠶᠢᠳᠤᠯ᠂ ᠬᠡᠷᠡᠭᠴᠡᠭᠡ ᠦᠢᠯᠡᠳᠤᠯ ᠪᠤᠯᠤᠨ ᠮᠣᠷᠢ ᠴᠢᠳᠦᠷᠯᠡᠬᠦ᠂ ᠳᠤᠱᠠᠬᠤ ᠶ᠋ᠢᠨ ᠢᠯᠭᠠᠭ᠎ᠠ ᠶ᠋ᠢ ᠪᠤᠳᠠᠲᠠᠢ ᠵᠢᠭᠠᠨ ᠲᠠᠨᠢᠭᠤᠯᠵᠤ ᠪᠤᠢ

ᠬᠡᠦᠬᠡᠳ ᠮᠤᠷᠢ ᠤᠨᠤᠵᠤ ᠪᠠᠶᠢᠭ᠎ᠠ ᠨᠢ

ᠪᠠᠭᠰᠢ ᠪᠤᠯᠤᠨ ᠬᠡᠷ ᠤᠨ ᠠᠬᠠᠮᠡᠳ ᠬᠤᠨᠢ ᠬᠠᠶᠢᠴᠢᠯᠠᠵᠤ ᠪᠤᠢ

ᠢᠷᠡᠯᠳᠡ᠄ ᠰᠢᠨᠬᠤᠧᠠ ᠮᠣᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121097173