蒙古文网站Logo
ᠰᠢᠨᠬᠤᠸᠠ ᠮᠤᠩᠭ᠋ᠤᠯ ᠨᠧᠲ

ᠮᠠᠯᠴᠢᠳ ᠤᠨ ᠬᠦᠴᠢᠷ ᠢ ᠰᠢᠶ᠋ᠳᠪᠦᠷᠢᠯᠡᠵᠤ ᠢᠷᠬᠡᠳ ᠤᠨ ᠰᠡᠳᠬᠢᠯ ᠢ ᠤᠯᠤᠭᠰᠠᠨ ᠦᠪᠦᠷ ᠮᠤᠩᠭᠤᠯ ᠤᠨ ᠪᠠᠭᠠᠷᠢᠨ ᠪᠠᠷᠠᠭᠤᠨ ᠬᠤᠰᠢᠭᠤᠨ ᠤ ᠬᠢᠳᠠᠳ ᠮᠤᠩᠭᠤᠯ ᠬᠤᠤᠰ ᠬᠡᠯᠡᠨ ᠤ ᠬᠠᠤᠯᠢ ᠶᠢᠨ ᠦᠢᠯᠡᠴᠢᠯᠡᠬᠡ

2017-06-20 16:52

    ᠰᠢᠨᠬᠤᠧᠠ ᠬᠤᠷᠢᠶ᠎ᠠ   ᠬᠦᠬᠡᠬᠤᠳᠠ ᠶᠢᠨ 6 ᠰᠠᠷ᠎ᠠ ᠶᠢᠨ 19 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠯᠢ ᠷᠧᠨ ᠬᠤ᠂ ᠶᠢᠨ ᠶᠤᠤ᠂ ᠵᠠᠩ ᠶᠦᠨ ᠯᠦᠩ)ᠤᠶᠢᠷ᠎ᠠ ᠳᠤ᠂ ᠦᠪᠦᠷ ᠮᠤᠩᠭᠤᠯ ᠤᠨ ᠪᠠᠭᠠᠷᠢᠨ ᠪᠠᠷᠠᠭᠤᠨ ᠬᠤᠰᠢᠭᠤᠨ ᠤ ᠰᠢᠷᠠᠮᠦ᠋ᠷᠡᠨ ᠰᠤᠮᠤ ᠶᠢᠨ ᠮᠠᠯᠴᠢᠨ ᠤᠶᠤᠨᠴᠤᠭᠳᠤ ᠮᠠᠰᠢᠨ ᠤ ᠬᠠᠮᠢᠶᠠᠷᠤᠯᠳᠠ ᠶᠢᠨ ᠠᠯᠪᠠᠨ ᠡᠴᠡ ᠵᠢᠯᠤᠭᠤᠴᠢ ᠶᠢᠨ ᠦᠨᠡᠮᠯᠡᠯ ᠢᠶᠡᠨ ᠠᠪᠴᠠᠢ᠃ ᠳᠡᠷᠡᠪᠡᠷ ᠮᠠᠰᠢᠨ ᠤ ᠬᠠᠮᠢᠶᠠᠷᠤᠯᠳᠠ ᠶᠢᠨ ᠠᠯᠪᠠᠨ ᠤ ᠴᠠᠭᠳᠠᠭ᠎ᠠ ᠳᠤ ᠡᠷᠡᠬᠡᠢ ᠭᠠᠷᠭᠠᠵᠤ᠄ 《ᠮᠤᠩᠭᠤᠯ ᠢᠶᠡᠷ ᠵᠢᠯᠤᠭᠤᠴᠢ ᠶᠢᠨ ᠦᠨᠡᠮᠯᠡᠯ ᠰᠢᠯᠭᠠᠵᠤ ᠠᠪᠤᠨ᠎ᠠ ᠬᠡᠳᠡᠭ ᠠᠮᠠᠷ ᠦᠬᠡᠢ᠂ ᠨᠡᠬᠡᠷᠡᠨ ᠳᠦᠬᠦᠮ ᠪᠠᠶᠢᠨ᠎ᠠ》ᠬᠡᠵᠤ ᠳᠤᠭᠳᠤᠯᠤᠨ ᠶᠠᠷᠢᠯ᠎᠎ᠠ᠃

    ᠤᠶᠤᠨᠴᠤᠭᠳᠤ ᠠᠯᠢ ᠡᠷᠳᠡ ᠡᠴᠡ ᠵᠢᠵᠢᠭ᠌ ᠮᠠᠰᠢᠨ ᠬᠤᠳᠠᠯᠳᠤᠨ ᠠᠪᠬᠤ ᠶᠢ ᠰᠠᠨᠠᠵᠤ ᠪᠠᠶᠢᠭᠰᠠᠨ ᠴᠤ ᠬᠢᠳᠠᠳ ᠪᠢᠴᠢᠭ᠌ ᠮᠡᠳᠡᠬᠦ ᠦᠬᠡᠢ ᠪᠤᠯᠬᠤᠷ ᠵᠢᠯᠤᠭᠤᠴᠢ ᠶᠢᠨ ᠦᠨᠡᠮᠯᠡᠯ ᠠᠪᠴᠤ ᠴᠢᠳᠠᠭ᠎ᠠ ᠦᠬᠡᠢ ᠤᠳᠤ ᠳᠤ ᠳᠤᠯᠵᠠᠢ᠃ ᠦᠩᠬᠡᠷᠡᠭᠰᠡᠨ ᠵᠢᠯ᠂ ᠳᠡᠷᠡ ᠬᠤᠰᠢᠭᠤᠨ ᠳᠤ ᠮᠤᠩᠭᠤᠯ ᠢᠶᠡᠷ ᠰᠢᠯᠭᠠᠭᠤᠯᠵᠤ ᠪᠤᠯᠤᠨ᠎ᠠ ᠬᠡᠰᠡᠨ ᠴᠢᠮᠡᠬᠡ ᠶᠢ ᠳᠤᠭᠤᠯᠤᠭᠠᠳ ᠵᠤᠷᠢᠭ ᠤᠷᠤᠵᠤ ᠳᠠᠬᠢᠨ ᠨᠡᠷ᠎ᠡ ᠪᠦᠷᠢᠳᠬᠡᠬᠦᠯᠵᠡᠢ᠃

    ᠪᠠᠭᠠᠷᠢᠨ ᠪᠠᠷᠠᠭᠤᠨ ᠬᠤᠰᠢᠭᠤᠨ ᠤ ᠵᠠᠮ ᠬᠠᠷᠢᠯᠴᠠᠭᠠᠨ ᠤ ᠴᠠᠭᠳᠠᠭᠠᠨ ᠤ ᠶᠡᠬᠡ ᠠᠩᠬᠢ ᠶᠢᠨ ᠳᠡᠳ᠋ ᠳᠠᠷᠤᠭ᠎ᠠ ᠡᠷᠳᠡᠨᠢᠪᠠᠳᠤ᠂ ᠳᠤᠬᠠᠢ ᠶᠢᠨ ᠤᠷᠤᠨ ᠳᠤ 10 ᠭᠠᠷᠤᠢ ᠳᠦᠮᠡᠨ ᠮᠤᠩᠭᠤᠯ ᠦᠨᠳᠦᠰᠦᠳᠡᠨ ᠤ ᠢᠷᠬᠡᠨ ᠤᠷᠤᠰᠢᠨ ᠠᠮᠢᠳᠤᠷᠠᠳᠠᠭ᠂ ᠡᠷᠬᠢᠨ ᠳᠤᠭᠤᠷᠢᠨ ᠤ ᠬᠤᠰᠢᠭᠤ ᠰᠢᠶᠠᠨ ᠳᠤ ᠴᠤ ᠮᠠᠰᠢ ᠤᠯᠠᠨ ᠪᠤᠢ᠃ ᠰᠡᠬᠦᠯ ᠤᠨ ᠵᠢᠯ ᠤᠳ ᠲᠤ ᠵᠢᠵᠢᠭ᠌ ᠮᠠᠰᠢᠨ ᠬᠤᠳᠠᠯᠳᠤᠨ ᠠᠪᠬᠤ ᠬᠦᠮᠦᠰ ᠤᠯᠠᠰᠢᠷᠠᠵᠠᠢ᠂ ᠬᠡᠪᠡᠴᠤ 40 ᠨᠠᠰᠤᠨ ᠡᠴᠡ ᠳᠡᠬᠡᠭᠰᠢᠬᠢ ᠮᠠᠯᠴᠢᠳ ᠤᠨ ᠤᠯᠠᠩᠬᠢ ᠨᠢ ᠬᠢᠳᠠᠳ ᠬᠡᠯᠡᠨ ᠤ ᠬᠢᠷᠢ ᠳᠦᠪᠰᠢᠨ ᠢᠶᠡᠷ ᠨᠡᠯᠢᠶᠡᠳ ᠳᠤᠤᠷ᠎ᠠ ᠤᠴᠢᠷ ᠡᠴᠡ ᠨᠢᠬᠡ᠂ ᠳᠦᠷᠪᠡᠳᠦᠬᠡᠷ ᠳᠦᠷᠦᠯ ᠤᠨ ᠰᠢᠯᠭᠠᠯᠳᠠ ᠶᠢ ᠳᠠᠪᠠᠵᠤ ᠳᠡᠶᠢᠯᠬᠦ ᠦᠬᠡᠢ ᠨᠢ ᠳᠡᠳᠡᠨᠡᠷ ᠤᠨ ᠰᠡᠳᠬᠢᠯ ᠤᠨ ᠵᠤᠪᠠᠭᠤᠷᠢ ᠪᠤᠯᠵᠤ ᠪᠠᠶᠢᠭᠰᠠᠨ ᠬᠡᠯ᠎ᠡ᠃

    ᠤᠯᠠᠨ ᠳᠦᠮᠡᠨ ᠤ ᠡᠨᠡᠬᠦ ᠬᠦᠴᠢᠷ ᠵᠤᠪᠠᠭᠤᠷᠢ ᠶᠢ ᠰᠢᠶ᠋ᠳᠪᠦᠷᠢᠯᠡᠬᠦ ᠶᠢᠨ ᠳᠦᠯᠦᠬᠡ᠂ ᠪᠠᠭᠠᠷᠢᠨ ᠪᠠᠷᠠᠭᠤᠨ ᠬᠤᠰᠢᠭᠤᠨ ᠤ ᠮᠠᠰᠢᠨ ᠤ ᠬᠠᠮᠢᠶᠠᠷᠤᠯᠳᠠ ᠶᠢᠨ ᠠᠯᠪᠠ ᠨᠢ ᠮᠤᠩᠭᠤᠯ ᠢᠶᠡᠷ ᠵᠢᠯᠤᠭᠤᠴᠢ ᠶᠢᠨ ᠦᠨᠡᠮᠯᠡᠯ ᠰᠢᠯᠭᠠᠬᠤ ᠰᠢᠰᠲ᠋ᠧᠮ ᠢ ᠪᠡᠶ᠎ᠡ ᠳᠠᠭᠠᠭᠠᠨ ᠰᠤᠳᠤᠯᠤᠨ ᠪᠦᠳᠦᠬᠡᠵᠤ᠂ 2014 ᠤᠨ ᠤ 10 ᠰᠠᠷ᠎ᠠ ᠡᠴᠡ ᠵᠢᠩᠬᠢᠨᠢ ᠠᠰᠢᠭᠯᠠᠯᠳᠠ ᠳᠤ ᠤᠷᠤᠭᠤᠯᠤᠨ᠂ C1 ᠵᠢᠵᠢᠭ᠌ ᠬᠡᠯᠪᠡᠷᠢ ᠶᠢᠨ ᠮᠠᠰᠢᠨ ᠤ ᠵᠢᠯᠤᠭᠤᠴᠢ ᠶᠢᠨ ᠦᠨᠡᠮᠯᠡᠯ ᠠᠪᠬᠤ ᠨᠢᠬᠡ᠂ ᠳᠦᠷᠪᠡᠳᠦᠬᠡᠷ ᠳᠦᠷᠦᠯ ᠤᠨ ᠰᠢᠯᠭᠠᠯᠳᠠ ᠶᠢ 《ᠬᠢᠳᠠᠳ ᠮᠤᠩᠭᠤᠯ》 ᠬᠤᠤᠰ ᠬᠡᠯᠡ ᠪᠡᠷ ᠰᠢᠯᠭᠠᠵᠤ᠂ ᠰᠢᠯᠭᠠᠯᠳᠠ ᠶᠢᠨ ᠳᠠᠯᠠᠪᠠᠢ ᠳᠤ ᠪᠠᠰᠠ ᠳᠤᠰᠬᠠᠶᠢᠯᠠᠨ ᠮᠤᠩᠭᠤᠯ ᠬᠢᠨᠠᠭᠴᠢ ᠳᠤᠬᠢᠷᠠᠭᠤᠯᠤᠨ《ᠬᠤᠤᠰ ᠬᠡᠯᠡᠨ ᠤ ᠰᠢᠯᠭᠠᠯᠳᠠ》ᠬᠢᠬᠡᠳ《ᠬᠤᠤᠰ ᠬᠡᠯᠡᠨ ᠤ ᠦᠢᠯᠡᠴᠢᠯᠡᠬᠡ》 ᠬᠠᠩᠭᠠᠭᠰᠠᠨ ᠢᠶᠡᠷ ᠮᠤᠩᠭᠤᠯ ᠦᠨᠳᠦᠰᠦᠳᠡᠨ ᠤ ᠢᠷᠬᠡᠳ ᠤᠨ ᠬᠠᠯᠠᠭᠤᠨ ᠬᠦᠷᠢᠶᠡᠯᠡᠯ ᠢ ᠤᠯᠤᠭᠰᠠᠨ ᠪᠠᠶᠢᠨ᠎ᠠ᠃ ᠢᠩᠬᠢᠭᠰᠡᠨ ᠢᠶᠡᠷ᠂ ᠰᠡᠬᠦᠯ ᠤᠨ ᠭᠤᠷᠪᠠᠨ ᠵᠢᠯ ᠳᠤ ᠮᠤᠩᠭᠤᠯ ᠢᠶᠡᠷ ᠰᠢᠯᠭᠠᠭᠤᠯᠤᠭᠰᠠᠳ 4650 ᠬᠦᠮᠦᠨ ᠬᠦᠷᠴᠤ᠂ ᠡᠬᠦᠨ ᠳᠤ 1000 ᠭᠠᠷᠤᠢ ᠬᠦᠮᠦᠨ ᠨᠢ ᠡᠷᠬᠢᠨ ᠳᠤᠭᠤᠷᠢᠨ ᠤ ᠪᠤᠰᠤᠳ ᠠᠶᠢᠮᠠᠭ ᠬᠤᠳᠠ ᠬᠤᠰᠢᠭᠤ ᠰᠢᠶᠠᠨ ᠤ ᠢᠷᠬᠡᠳ ᠪᠠᠶᠢᠪᠠ᠃

    ᠳᠤᠳᠤᠭᠠᠳᠤ ᠶᠢ ᠬᠠᠮᠠᠭᠠᠯᠠᠵᠤ ᠬᠠᠤᠯᠢ ᠬᠡᠷᠡᠭᠵᠢᠬᠦᠯᠬᠦ ᠶᠠᠪᠤᠳᠠᠯ ᠨᠢ ᠤᠯᠠᠨ ᠳᠦᠮᠡᠨ ᠤ ᠦᠨᠳᠦᠰᠦᠨ ᠠᠰᠢᠭ ᠳᠤᠰᠠ ᠲᠠᠢ ᠬᠤᠯᠪᠤᠭᠳᠠᠳᠠᠭ᠃ ᠴᠦᠬᠡᠨ ᠳᠤᠭᠠᠳᠤ ᠦᠨᠳᠦᠰᠦᠳᠡᠨ ᠳᠦᠪᠯᠡᠷᠡᠨ ᠰᠠᠭᠤᠷᠢᠰᠢᠭᠰᠠᠨ ᠪᠦᠰᠡ ᠨᠤᠳᠤᠭ ᠲᠡᠬᠢ ᠦᠨᠳᠦᠰᠦᠳᠡᠨ ᠨᠤᠬᠦᠳ ᠤᠨ ᠡᠷᠬᠡ ᠳᠡᠭᠰᠢ ᠶᠢ ᠪᠠᠳᠤᠯᠠᠬᠤ ᠮᠠᠰᠢ ᠶᠡᠬᠡ ᠤᠳᠬ᠎ᠠ ᠠᠭᠤᠯᠭ᠎ᠠ ᠲᠠᠢ᠃ ᠰᠡᠬᠦᠯ ᠤᠨ ᠵᠢᠯ ᠤᠳ ᠲᠤ᠂ ᠪᠠᠭᠠᠷᠢᠨ ᠪᠠᠷᠠᠭᠤᠨ ᠬᠤᠰᠢᠭᠤ ᠬᠦᠳᠡᠬᠡ ᠤᠷᠤᠨ ᠨᠤᠳᠤᠭ ᠤᠨ ᠤᠨᠴᠠᠯᠢᠭ ᠲᠤ ᠳᠤᠬᠢᠷᠠᠭᠰᠠᠨ ᠬᠢᠳᠠᠳ ᠮᠤᠩᠭᠤᠯ ᠬᠤᠤᠰ ᠬᠡᠯᠡᠨ ᠤ ᠬᠠᠤᠯᠢ ᠶᠢᠨ ᠦᠢᠯᠡᠴᠢᠯᠡᠬᠡ ᠶᠢ ᠢᠳᠡᠪᠬᠢᠳᠡᠢ ᠳᠤᠷᠰᠢᠨ ᠬᠢᠵᠤ᠂ ᠤᠯᠠᠨ ᠳᠦᠮᠡᠨ ᠤ ᠪᠤᠳᠠᠳᠠᠢ ᠬᠦᠴᠢᠷ ᠠᠰᠠᠭᠤᠳᠠᠯ ᠢ ᠰᠢᠶ᠋ᠳᠪᠦᠷᠢᠯᠡᠨ ᠦᠭᠴᠤ ᠪᠤᠢ᠃

    ᠪᠠᠶᠠᠨᠲᠠᠯ᠎ᠠ ᠰᠤᠮᠤ ᠶᠢᠨ ᠳᠤᠮᠢᠯᠠᠭᠰᠠᠨ ᠰᠠᠯᠪᠤᠷᠢ ᠳᠤ᠂ ᠰᠤᠷᠪᠤᠯᠵᠢᠯᠠᠭᠴᠢ ᠪᠠᠰᠠ ᠨᠢᠬᠡ ᠳᠦᠷᠦᠯ ᠤᠨ ᠬᠤᠤᠰ ᠬᠡᠯᠡᠨ ᠤ ᠰᠢᠨ᠎ᠠ ᠶᠢ ᠡᠭᠦᠳᠬᠦ ᠦᠢᠯᠡᠴᠢᠯᠡᠭᠡ - ᠮᠣᠩᠭᠣᠯ ᠢᠶᠡᠷ ᠦᠴᠢᠭ᠌ ᠳᠡᠮᠳᠡᠭᠯᠡᠬᠦ ᠰᠤᠹᠲ ᠢ ᠤᠯᠵᠤ ᠬᠠᠷᠠᠪᠠ᠃ ᠲᠤᠮᠢᠯᠠᠭᠰᠠᠨ ᠰᠠᠯᠪᠤᠷᠢ ᠶᠢᠨ ᠳᠠᠷᠤᠭ᠎ᠠ᠂ ᠬᠤᠷᠢᠭᠠᠳ ᠵᠢᠯ ᠤᠨ ᠴᠠᠭᠳᠠᠭᠠᠨ ᠤ ᠠᠯᠪᠠ ᠲᠠᠢ ᠵᠠᠩ ᠢᠦᠢ ᠹᠧᠩ ᠡᠨᠡᠬᠦ ᠰᠤᠹᠲ ᠢ ᠡᠭᠦᠳᠦᠭᠰᠡᠨ ᠪᠠᠶᠢᠯ᠎ᠠ᠃ ᠲᠡᠭᠦᠨ ᠤ ᠲᠠᠨᠢᠯᠴᠠᠭᠤᠯᠤᠭᠰᠠᠨ ᠢᠶᠡᠷ᠂ ᠡᠮᠦᠨ᠎ᠠ ᠳᠤ ᠪᠡᠨ ᠲᠤᠮᠢᠯᠠᠭᠰᠠᠨ ᠰᠠᠯᠪᠤᠷᠢ ᠶᠢᠨ ᠬᠡᠷᠠᠭ᠌ ᠤᠴᠢᠷ ᠤᠨ ᠳᠡᠮᠳᠡᠭᠯᠡᠯ ᠢ ᠴᠦᠮ ᠬᠢᠲᠠᠳ ᠢᠶᠡᠷ ᠪᠢᠴᠢᠵᠤ᠂ ᠬᠢᠲᠠᠳ ᠢᠶᠡᠷ ᠦᠰᠦᠭ᠌ ᠰᠢᠪᠡᠳᠡᠭ ᠪᠠᠶᠢᠭᠰᠠᠨ ᠤᠴᠢᠷ ᠡᠴᠡ ᠵᠠᠷᠢᠮ ᠮᠣᠩᠭᠣᠯ ᠮᠠᠯᠴᠢᠳ ᠲᠤ ᠳᠦᠭᠦᠮ ᠦᠭᠡᠢ ᠪᠠᠶᠢᠵᠠᠢ᠃ ᠲᠡᠳᠡᠨᠡᠷ ᠤᠨ ᠬᠡᠯᠡᠭᠰᠡᠨ ᠢ ᠬᠢᠲᠡᠳ ᠢᠶᠡᠷ ᠤᠷᠴᠢᠭᠤᠯᠵᠤ ᠳᠡᠮᠳᠡᠭᠯᠡᠬᠦ ᠦᠶᠡᠰ ᠢᠯᠡᠳᠭᠡᠬᠦ ᠭᠡᠰᠡᠨ ᠤᠳᠬ᠎ᠠ ᠰᠠᠨᠠᠭ᠎ᠠ ᠨᠢ ᠪᠠᠭ᠎ᠠ ᠰᠠᠭ᠎ᠠ ᠵᠦᠷᠢᠶ᠎ᠠ ᠲᠠᠢ ᠪᠤᠯᠳᠠᠭ᠃ ᠲᠡᠳᠡᠨᠡᠷ ᠦᠪᠡᠷᠰᠡᠳ ᠢᠶᠡᠨ ᠬᠢᠲᠠᠳ ᠦᠰᠦᠭ ᠲᠠᠨᠢᠬᠤ ᠦᠭᠡᠢ ᠪᠤᠯᠬᠤᠷ᠂ ᠬᠡᠯᠡᠭᠰᠡᠨ ᠢ ᠨᠢ ᠵᠠᠰᠠᠴᠢᠬᠠᠳᠠᠭ ᠪᠤᠯᠪᠠᠤ ᠭᠡᠵᠤ ᠰᠠᠨᠠᠭᠠᠰᠢᠷᠠᠳᠠᠭ ᠪᠠᠶᠢᠵᠠᠢ᠃

    ᠳᠤᠮᠳᠠ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠡᠴᠡ ᠲᠡᠭᠦᠰᠦᠭᠰᠡᠨ ᠮᠣᠩᠭᠣᠯ ᠴᠠᠭᠳᠠᠭ᠎ᠠ ᠵᠠᠩ ᠢᠦᠢ ᠹᠧᠩ ᠰᠢᠷᠭᠠᠭᠤ ᠰᠤᠳᠤᠯᠭᠠᠨ ᠢᠶᠡᠷ ᠳᠠᠮᠵᠢᠨ ᠪᠤᠰᠤᠳ ᠲᠠᠢ ᠬᠠᠮᠲᠤᠷᠠᠨ ᠮᠣᠩᠭᠣᠯ ᠢᠶᠡᠷ ᠦᠴᠢᠭ᠌ ᠲᠡᠮᠳᠡᠭᠯᠡᠬᠦ ᠰᠤᠹᠲ ᠢ ᠡᠭᠦᠳᠴᠤ ᠬᠤᠰᠢᠭᠤ ᠳᠠᠶᠠᠭᠠᠷ ᠲᠤ ᠲᠦᠭᠡᠮᠡᠯᠵᠢᠭᠦᠯᠵᠠᠢ᠃ ᠲᠤᠰ ᠪᠦᠲᠦᠭᠡᠯ ᠨᠢ ᠦᠪᠦᠷ ᠮᠣᠩᠭᠣᠯ ᠤᠨ ᠲᠤᠳᠤᠭᠠᠲᠤ ᠶᠢ ᠬᠠᠮᠠᠭᠠᠯᠠᠬᠤ ᠲᠢᠩᠬᠢᠮ ᠤᠨ ᠲᠧᠭ᠍ᠨᠤᠯᠤᠭᠢ ᠶᠢᠨ ᠲᠠᠪᠰᠢᠯᠲᠠ ᠶᠢᠨ ᠬᠤᠶᠠᠳᠤᠭᠠᠷ ᠲᠡᠰ ᠤᠨ ᠱᠠᠩᠨᠠᠯ ᠬᠦᠷᠲᠠᠵᠤ᠂ ᠤᠯᠤᠰ ᠤᠨ ᠬᠡᠪᠯᠡᠯ ᠤᠨ ᠡᠷᠬᠡ ᠶᠢᠨ ᠲᠤᠪᠴᠢᠶ᠎ᠠ ᠡᠴᠡ ᠲᠠᠷᠬᠠᠭᠠᠭᠰᠠᠨ ᠺᠤᠮᠫᠢᠦ᠋ᠲ᠋ᠧᠷ ᠤᠨ ᠰᠤᠹᠲ ᠦᠢᠯᠡᠳᠬᠦ ᠡᠷᠬᠡ ᠶᠢᠨ ᠪᠦᠷᠢᠳᠭᠡᠯ ᠲᠠᠢ ᠡᠷᠬᠡ ᠶᠢᠡ ᠪᠢᠴᠢᠭ᠌ ᠢ ᠭᠠᠷᠳᠠᠵᠠᠢ᠃ ᠰᠤᠷᠪᠤᠯᠵᠢᠯᠠᠭᠴᠢ ᠶᠢᠨ ᠤᠶᠢᠯᠠᠭᠠᠭᠰᠠᠨ ᠢᠶᠡᠷ᠂ ᠡᠨᠡᠬᠦ ᠰᠤᠹᠲ ᠲᠤ ᠮᠣᠩᠭᠣᠯ ᠢᠶᠡᠷ ᠲᠡᠮᠳᠡᠭᠯᠡᠬᠦ ᠴᠢᠳᠠᠮᠵᠢ᠂ ᠬᠤᠤᠰ ᠬᠡᠯᠡᠨ ᠤ ᠡᠷᠬᠡ ᠡᠭᠦᠷᠭᠡ ᠶᠢᠨ ᠮᠡᠳᠡᠭᠳᠡᠯ ᠵᠢᠴᠢ ᠬᠤᠤᠰ ᠬᠡᠯᠡᠨ ᠤ ᠬᠠᠤᠯᠢ ᠴᠠᠭᠠᠵᠠ ᠶᠢᠨ ᠠᠯᠪᠠᠨ ᠪᠢᠴᠢᠭ᠌ ᠢ ᠪᠠᠭᠲᠠᠭᠠᠵᠤ᠂ ᠪᠠᠶᠢᠩᠭ᠋᠋ᠤ ᠬᠡᠷᠡᠭᠯᠡᠳᠡᠭ ᠦᠴᠢᠭ᠌ ᠲᠡᠮᠳᠡᠭᠯᠡᠬᠦ ᠬᠡᠯᠪᠡᠷᠢ ᠳᠤ ᠲᠤᠭᠲᠠᠮᠠᠯ ᠪᠠᠷᠢᠮᠵᠢᠶ᠎ᠠ ᠲᠠᠢ ᠵᠠᠭᠪᠤᠷ ᠲᠤᠬᠢᠷᠠᠭᠤᠯᠵᠤ᠂ ᠲᠡᠮᠳᠡᠭᠯᠡᠬᠦ ᠶᠠᠪᠤᠴᠠ ᠳᠡᠬᠢ ᠳᠦᠷᠢᠮᠵᠢᠭᠦᠨ ᠪᠠᠶᠢᠳᠠᠯ ᠢ ᠪᠤᠢ ᠪᠤᠯᠭᠠᠬᠤ ᠳᠤ ᠲᠤᠰᠠᠯᠠᠭᠰᠠᠨ ᠪᠠᠶᠢᠯ᠎ᠠ᠃

    ᠲᠡᠮᠲᠡᠭᠯᠡᠯ ᠤᠨ ᠲᠡᠪᠲᠡᠷ ᠢ ᠦᠵᠡᠬᠦ ᠳ᠋ᠤ ᠵᠢᠵᠢᠭ ᠤᠴᠢᠷ ᠴᠤ ᠬᠠᠷᠢᠨ ᠮᠤᠩᠭᠤᠯ ᠦᠨᠳᠦᠰᠦᠲᠡᠨ ᠤ ᠢᠷᠭᠡᠳ ᠤᠨ ᠰᠡᠳᠬᠢᠯ ᠢ ᠬᠤᠯᠪᠤᠵᠤ ᠪᠠᠶᠢᠲᠠᠭ᠃ ᠡᠨᠡ ᠵᠢᠯ 64 ᠨᠠᠰᠤᠲᠠᠢ ᠲᠠᠪᠤᠨ ᠪᠠᠶᠢᠰᠢᠩ ᠭᠠᠴᠠᠭᠠᠨ ᠤ ᠤᠤᠯ ᠤᠨ ᠱᠦᠵᠢ ᠴᠢᠯᠠᠭᠤ᠄《ᠮᠠᠯᠴᠢᠳ ᠮᠤᠩᠭᠤᠯ ᠢᠶᠡᠷ ᠪᠢᠴᠢᠭᠲᠡᠭᠰᠡᠨ ᠲᠡᠮᠲᠡᠭᠯᠡᠯ ᠢ ᠦᠵᠡᠪᠡᠯ ᠰᠠᠨᠠᠭ᠎ᠠ ᠠᠮᠠᠷᠠᠲᠠᠭ》ᠭᠡᠵᠡᠢ᠃

    ᠬᠤᠤᠰ ᠬᠡᠯᠡᠨ ᠤ ᠬᠠᠦᠯᠢ ᠬᠡᠷᠡᠭᠵᠢᠬᠦᠯᠦᠯᠳᠡ ᠨᠢ ᠦᠨᠳᠦᠰᠦᠨ ᠱᠠᠲᠤᠨ ᠳ᠋ᠤ ᠲᠤᠯᠭᠠᠮ᠎᠎ᠠ ᠱᠠᠭᠠᠷᠳᠠᠳᠠᠭ᠃ ᠪᠠᠭᠠᠷᠢᠨ ᠪᠠᠷᠠᠭᠤᠨ ᠬᠤᠰᠢᠭᠤᠨ ᠤ ᠲᠤᠲᠤᠭᠠᠲᠤ ᠶᠢ ᠬᠠᠮᠠᠭᠠᠯᠠᠬᠤ ᠲᠤᠪᠴᠢᠶ᠎ᠠ ᠨᠢ ᠬᠦᠳᠡᠬᠡ ᠤᠷᠤᠨ ᠨᠤᠳᠤᠭ ᠤᠨ ᠪᠤᠲᠠᠲᠠᠢ ᠬᠡᠷᠡᠭᠴᠡᠭᠡᠨ ᠳ᠋ᠤ ᠲᠤᠬᠢᠷᠠᠭᠤᠯᠵᠤ᠂ ᠦᠨᠳᠦᠰᠦᠨ ᠱᠠᠲᠤᠨ ᠤ ᠴᠠᠭᠲᠠᠭᠠᠨ ᠤ ᠠᠵᠢᠯ ᠤᠨ ᠰᠢᠨ᠎ᠡ ᠵᠠᠭᠪᠤᠷ-《ᠮᠡᠷᠭᠡᠳ》 ᠢ ᠡᠬᠢᠯᠡᠨ ᠠᠵᠢᠯᠯᠠᠭᠤᠯᠪᠠ᠃ ᠲᠤᠲᠤᠭᠠᠲᠤ ᠶᠢ ᠬᠠᠮᠠᠭᠠᠯᠠᠬᠤ ᠰᠠᠯᠠᠭ᠎ᠠ ᠮᠦᠴᠢᠷ ᠲᠤ《ᠮᠡᠷᠭᠡᠳ》 ᠢᠶᠡᠷ ᠰᠤᠩᠭᠤᠭᠲᠠᠭᠰᠠᠳ ᠮᠤᠩᠭᠤᠯ ᠬᠢᠲᠠᠳ ᠬᠤᠤᠰ ᠬᠡᠯᠡ ᠪᠡᠷ ᠤᠷᠤᠰᠤᠮ᠎ᠠ ᠶᠠᠷᠢᠬᠤ ᠪᠦᠭᠡᠳ ᠲᠤᠮᠢᠯᠠᠭᠰᠠᠨ ᠰᠠᠯᠪᠤᠷᠢ ᠶᠢᠨ ᠡᠯᠲᠡᠪ ᠵᠦᠢᠯ ᠤᠨ ᠵᠦᠷᠢᠴᠡᠯ ᠮᠦᠷᠬᠦᠯᠲᠦᠭᠡᠨ ᠢ ᠬᠠᠪᠰᠤᠷᠤᠨ ᠰᠢᠢᠳᠪᠦᠷᠢᠯᠡᠳᠡᠭ᠃ ᠡᠲᠡᠭᠡᠷ《ᠮᠡᠷᠭᠡᠳ》ᠨᠤᠲᠤᠭ ᠤᠨ ᠪᠠᠶᠢᠲᠠᠯ ᠢᠶᠡᠨ ᠰᠠᠶᠢᠨ ᠤᠶᠢᠯᠠᠭᠠᠬᠤ ᠪᠤᠯᠬᠤᠷ ᠭᠠᠴᠠᠭᠠᠨ ᠤ ᠢᠷᠭᠡᠳ ᠤᠨ ᠵᠦᠷᠢᠴᠡᠯ ᠤᠨ ᠤᠭ ᠦᠨᠳᠦᠰᠦ ᠰᠢᠯᠲᠠᠭᠠᠨ ᠢ ᠡᠷᠢᠵᠦ ᠤᠯᠲᠠᠭ᠃

    ᠲᠠᠪᠤᠨ ᠪᠠᠶᠢᠰᠢᠩ ᠭᠠᠴᠠᠭᠠᠨ ᠤ ᠠᠬᠠᠮᠠᠳ ᠱᠦᠵᠢ ᠴᠢᠯᠠᠭᠤ ᠳᠡᠳᠬᠦᠪᠦᠷᠢ ᠳᠤ ᠭᠠᠷᠤᠭᠰᠠᠨ ᠤ ᠲᠠᠷᠠᠭ᠎ᠠ ᠲᠠᠬᠢᠨ《ᠮᠡᠷᠭᠡᠳ》 ᠢᠶᠡᠷ ᠰᠤᠩᠭᠤᠭᠲᠠᠵᠠᠢ᠃ 2015 ᠤᠨ ᠳ᠋ᠤ ᠭᠠᠴᠠᠭᠠᠨ ᠤ ᠲᠦᠷᠢ ᠲᠦᠷᠬᠦ ᠶᠢ ᠦᠭᠡᠷᠡᠴᠢᠯᠡᠬᠦ ᠪᠡᠷ ᠵᠠᠰᠠᠭᠰᠠᠨ ᠵᠠᠮ ᠤᠨ ᠠᠰᠠᠭᠤᠲᠠᠯ ᠢᠶᠡᠷ ᠢᠷᠭᠡᠳ ᠵᠠᠬᠢᠲᠠᠯ ᠰᠤᠷᠪᠤᠯᠵᠢᠯᠠᠭ᠎ᠠ ᠬᠢᠬᠦ ᠪᠡᠷ ᠪᠡᠯᠡᠳᠭᠡᠵᠦ ᠪᠠᠶᠢᠭᠰᠠᠨ ᠢ ᠴᠢᠯᠠᠭᠤ ᠤᠯᠵᠤ ᠮᠡᠲᠡᠭᠰᠡᠨ ᠤ ᠲᠠᠷᠠᠭ᠎ᠠ᠂ ᠴᠠᠭᠲᠠᠭ᠎ᠠ ᠲᠠᠢ ᠬᠠᠮᠲᠤ ᠲᠤᠶᠢᠮᠤᠴᠢᠯᠠᠵᠤ᠂ ᠰᠠᠨᠠᠭᠠᠴᠢᠯᠠᠭ᠎ᠠ ᠲᠠᠢ ᠪᠡᠷ ᠠᠵᠢᠯᠯᠠᠭ᠎ᠠ ᠦᠷᠨᠢᠬᠦᠯᠬᠦ ᠪᠡᠷ ᠭᠤᠶᠤᠴᠢᠯᠠᠪᠠ᠃ ᠦᠩᠭᠡᠷᠡᠭᠰᠡᠨ ᠤ ᠭᠠᠵᠠᠷ ᠨᠤᠲᠤᠭ ᠤᠨ ᠬᠤᠪᠢᠶᠠᠷᠢᠯᠠᠯᠲᠠ ᠡᠴᠡ ᠤᠲᠤᠬᠠᠨ ᠤ ᠰᠢᠨ᠎᠎ᠡ ᠬᠦᠲᠡᠭᠡ ᠲᠤᠰᠬᠤᠨ ᠤ ᠪᠦᠲᠦᠭᠡᠨ ᠪᠠᠶᠢᠭᠤᠯᠤᠯᠲᠠ ᠳ᠋ᠤ ᠴᠢᠯᠠᠭᠤ ᠦᠪᠡᠷ ᠤᠨ ᠢᠶᠡᠨ ᠪᠤᠲᠠᠲᠤ ᠦᠢᠯᠡ ᠠᠵᠢᠯᠯᠠᠭ᠎ᠠ ᠪᠡᠷ ᠢᠶᠡᠨ ᠢᠷᠭᠡᠳ ᠤᠨ ᠵᠦᠷᠢᠴᠡᠯ ᠢ ᠰᠢᠢᠳᠪᠦᠷᠢᠯᠡᠵᠡᠢ᠃ 《<ᠮᠡᠷᠭᠡᠳ>ᠪᠤᠯ ᠨᠠᠶᠢᠲᠠᠪᠤᠷᠢᠲᠠᠢ ᠵᠠᠭᠤᠴᠢ᠂ ᠤᠯᠠᠨ ᠲᠦᠮᠡᠨ ᠳᠤ ᠶᠤᠰᠤᠨ ᠢ ᠶᠠᠷᠢᠵᠤ᠂ ᠵᠦᠪᠲᠡᠯᠴᠡᠵᠦ ᠬᠠᠪᠰᠤᠷᠬᠤ ᠪᠡᠷ ᠤᠯᠠᠨ ᠠᠰᠠᠭᠤᠲᠠᠯ ᠰᠢᠢᠳᠪᠦᠷᠢᠯᠡᠭᠳᠡᠭᠰᠡᠨ ᠶᠤᠮ 》ᠭᠡᠵᠦ ᠲᠡᠷᠡᠪᠡᠷ ᠶᠠᠷᠢᠨ᠎ᠠ᠃

    ᠡᠯ᠎ᠠ ᠰᠤᠮᠤ ᠪᠠᠯᠭᠠᠰᠤ《ᠮᠡᠷᠭᠡᠳ》ᠪᠦᠷᠢ ᠳᠤ ᠵᠢᠯ ᠤᠨ ᠲᠦᠮᠡᠨ ᠲᠦᠭᠦᠷᠢᠭ᠌ ᠤᠨ ᠪᠠᠷᠢᠮᠵᠢᠶ᠎ᠠ ᠪᠡᠷ ᠴᠠᠭᠳᠠᠭᠠᠨ ᠤ ᠶᠠᠪᠤᠳᠠᠯ ᠤᠨ ᠥᠷᠦᠬᠡᠨ ᠳᠤ ᠵᠤᠭᠤᠰ ᠰᠢᠯᠵᠢᠭᠦᠯᠦᠨ ᠦᠭᠴᠤ᠂ ᠴᠠᠭᠳᠠᠭᠠᠨ ᠤ ᠶᠠᠪᠤᠳᠠᠯ ᠤᠨ ᠥᠷᠦᠬᠡᠨ ᠡᠴᠡ ᠬᠢᠨᠠᠨ ᠰᠢᠯᠭᠠᠵᠤ ᠨᠦᠬᠦᠪᠦᠷᠢ ᠤᠯᠭᠤᠨ᠎ᠠ᠂ ᠡᠬᠦᠨ ᠤ ᠳᠠᠭᠠᠤ ᠱᠠᠩᠨᠠᠵᠤ ᠰᠢᠳᠭᠡᠬᠦ ᠶᠢ ᠴᠢᠩᠭ᠎ᠠ ᠨᠢᠮᠪᠡᠢ ᠬᠡᠷᠡᠭᠵᠢᠬᠦᠯᠵᠤ᠂ ᠢᠳᠡᠪᠬᠢᠲᠠᠢ ᠬᠤᠪᠢ ᠨᠡᠮᠡᠷᠢ ᠦᠵᠡᠭᠦᠯᠦᠭᠰᠡᠳ ᠲᠤ ᠱᠠᠩᠨᠠᠯ ᠤᠯᠭᠤᠵᠤ᠂ ᠲᠤᠰᠢᠶᠠᠯ ᠢᠶᠡᠨ ᠬᠡᠪ ᠢᠶᠡᠷ ᠬᠦᠢᠴᠡᠳᠭᠡᠵᠤ ᠴᠢᠳᠠᠭᠰᠠᠨ ᠦᠬᠡᠢ ᠬᠦᠮᠦᠰ ᠲᠤ ᠬᠠᠰᠤᠵᠤ ᠪᠤᠴᠠᠭᠠᠬᠤ ᠰᠢᠳᠭᠡᠯ ᠤᠯᠭᠤᠵᠤ ᠬᠦᠮᠦᠰ ᠤᠨ ᠢᠶᠡᠨ ᠠᠵᠢᠯ ᠤᠨ ᠢᠳᠡᠪᠬᠢᠵᠢᠯ ᠢ ᠳᠠᠶᠢᠴᠢᠯᠠᠵᠤ ᠪᠤᠢ᠃

    ᠪᠦᠷᠢᠨ ᠪᠤᠰᠦ ᠪᠦᠷᠢᠳᠭᠡᠯ ᠢ ᠦᠨᠳᠦᠰᠦᠯᠡᠪᠡᠯ᠂《ᠮᠡᠷᠭᠡᠳ》ᠵᠠᠭᠪᠤᠷ ᠢ ᠬᠡᠷᠡᠭᠵᠢᠭᠦᠯᠦᠭᠰᠡᠨ ᠡᠴᠡ ᠠᠪᠤᠭᠠᠳ 2000 ᠭᠠᠷᠤᠢ ᠵᠠᠭᠤᠷᠠᠯᠳᠤᠭᠠᠨ  ᠢ ᠡᠶᠡᠳᠡᠬᠦᠯᠵᠤ᠂ ᠶᠡᠬᠡ ᠬᠡᠮᠵᠢᠶᠠᠨ ᠤ ᠬᠠᠤᠯᠢ ᠶᠢᠨ ᠤᠬᠠᠠᠭᠤᠯᠭ᠎ᠠ ᠶᠢ ᠳᠤᠰᠠᠯᠠᠨ ᠦᠷᠨᠢᠬᠦᠯᠤᠭ᠍ᠰᠠᠨ ᠪᠦᠬᠡᠳ ᠡᠷᠦᠬᠡ ᠪᠡᠷ ᠠᠶᠢᠯᠴᠢᠯᠠᠵᠤ᠂ ᠮᠡᠳᠡᠭᠡᠯᠡᠯ ᠴᠤᠭᠯᠠᠭᠤᠯᠤᠭᠰᠠᠨ ᠢᠶᠡᠷ ᠲᠤᠷᠰᠢᠬᠤ ᠴᠡᠭ ᠪᠤᠯᠬᠤ ᠪᠠᠶᠠᠨᠲᠠᠯ᠎ᠠ ᠰᠤᠮᠤᠨ ᠳᠤ ᠢᠷᠬᠡᠨ ᠤ ᠬᠡᠷᠡᠭ ᠡᠴᠡ ᠡᠷᠡᠬᠦᠦ ᠶᠢᠨ ᠬᠡᠷᠡᠭ ᠪᠤᠯᠤᠨ ᠬᠤᠪᠢᠷᠠᠭᠰᠠᠨ ᠪᠤᠶᠤ ᠢᠷᠭᠡᠳ ᠤᠨ ᠵᠠᠭᠤᠷᠠᠯᠳᠤᠭᠠᠨ ᠡᠴᠡ ᠪᠤᠯᠤᠭᠰᠠᠨ ᠵᠤᠳᠤᠭᠠᠨ ᠤ ᠬᠡᠷᠡᠭ 58% ᠡᠴᠡ ᠳᠡᠭᠡᠭ᠍ᠰᠢ ᠬᠡᠮᠵᠢᠶ᠎ᠡ ᠪᠡᠷ ᠪᠠᠭᠤᠷᠠᠵᠤ᠂ ᠡᠪᠡᠰᠦ ᠪᠡᠯᠴᠢᠬᠡᠷ ᠪᠤᠯᠤᠨ ᠭᠠᠵᠠᠷ ᠰᠢᠷᠤᠢ ᠶᠢᠨ ᠵᠠᠭᠤᠷᠠᠯᠳᠤᠭᠠᠨ ᠮᠡᠳᠡᠭᠳᠡᠮ᠎ᠠ ᠪᠠᠭᠠᠰᠴᠠᠢ᠂ ᠡᠬᠦᠨ ᠡᠴᠡ ᠭᠠᠳᠠᠨ᠎ᠠ ᠮᠠᠯ ᠬᠤᠯᠠᠭᠠᠶᠢᠯᠠᠭᠳᠠᠬᠤ ᠵᠡᠷᠭᠡ ᠬᠡᠷᠡᠭ ᠴᠤ ᠬᠤᠷᠢᠭᠯᠠᠭᠳᠠᠵᠤ᠂ ᠲᠠᠷᠢᠶᠠᠯᠠᠬᠤ ᠮᠠᠯᠵᠢᠬᠤ ᠤᠷᠤᠨ ᠤ ᠨᠠᠶᠢᠷᠠᠮᠳᠠᠯ ᠢ ᠲᠤᠭᠲᠠᠪᠤᠷᠢᠵᠢᠭᠤᠯᠬᠤ ᠴᠢᠬᠤᠯᠠ ᠬᠦᠴᠦᠨ ᠪᠤᠯᠤᠭᠰᠠᠨ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121178580