蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ ᠠᠩᠬᠠᠳᠠᠭᠴᠢ ᠠᠵᠤ ᠦᠢᠯᠡᠳᠪᠦᠷᠢ ᠶᠢᠨ ᠮᠠᠰᠢᠨ ᠬᠦᠮᠦᠨ ᠵᠢᠴᠢ ᠤᠶᠤᠨᠴᠢ ᠦᠢᠯᠡᠳᠦᠭᠴᠢ ᠬᠡᠷᠡᠭᠯᠡᠭᠡᠨ ᠤ ᠢᠨᠵᠸᠨ᠋ᠸᠷᠢᠩ ᠤᠨ ᠲᠦᠪ ᠠᠰᠢᠭᠯᠠᠯᠲᠠ ᠳᠤ ᠤᠷᠤᠪᠠ

2017-06-20 17:04

    ᠰᠤᠷᠪᠤᠯᠵᠢᠯᠠᠭᠴᠢ 6 ᠰᠠᠷ᠎ᠠ ᠶᠢᠨ 19 ᠤ ᠡᠳᠦᠷ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ ᠲᠢᠩᠬᠢᠮ ᠡᠴᠡ ᠤᠶᠢᠯᠠᠭᠠᠭᠰᠠᠨ ᠢᠶᠡᠷ᠂ ᠦᠪᠦᠷ ᠮᠣᠩᠭᠣᠯ ᠤᠨ ᠠᠩᠬᠠᠳᠠᠭᠴᠢ ᠠᠵᠤ ᠦᠢᠯᠡᠳᠪᠦᠷᠢ ᠶᠢᠨ ᠮᠠᠰᠢᠨ ᠬᠦᠮᠦᠨ ᠵᠢᠴᠢ ᠤᠶᠤᠨᠴᠢ ᠦᠢᠯᠡᠳᠦᠭᠴᠢ ᠬᠡᠷᠡᠭᠯᠡᠭᠡᠨ ᠤ ᠢᠨᠵᠸᠨ᠋ᠸᠷᠢᠩ ᠤᠨ ᠲᠦᠪ 6 ᠰᠠᠷ᠎ᠠ ᠶᠢᠨ 18 ᠤ ᠡᠳᠦᠷ ᠪᠤᠭᠤᠲᠤ ᠬᠤᠲᠠ ᠶᠢᠨ ᠬᠦᠩᠭᠡᠨ ᠠᠵᠤ ᠦᠢᠯᠡᠳᠪᠦᠷᠢ ᠶᠢᠨ ᠠᠵᠢᠯ ᠮᠡᠷᠭᠡᠵᠢᠯ ᠤᠨ ᠲᠸᠭ᠍ᠨᠤᠯᠤᠭᠢ ᠶᠢᠨ ᠲᠡᠭᠡᠲᠤ ᠰᠤᠷᠭᠠᠭᠤᠯᠢ ᠳᠤ ᠠᠰᠢᠭᠯᠠᠯᠲᠠ ᠳᠤ ᠤᠷᠤᠪᠠ᠃

    ᠤᠶᠢᠯᠠᠭᠠᠭᠰᠠᠨ ᠢᠶᠡᠷ᠂ ᠲᠤᠰ ᠲᠦᠪ ᠢ ᠪᠤᠭᠤᠲᠤ ᠬᠤᠲᠠ ᠶᠢᠨ ᠡᠳ᠋ ᠤᠨ ᠵᠠᠰᠠᠭ ᠰᠤᠷᠠᠭ ᠵᠠᠩᠭᠢᠴᠢᠯᠠᠬᠤ ᠠᠵᠢᠯ ᠤᠨ ᠵᠦᠪᠯᠡᠯ᠂ ᠡᠦᠢᠬᠠᠨ ᠤ ᠬᠤᠸᠠ ᠵᠦᠩ ᠲᠤᠭ᠎ᠠ ᠡᠵᠡᠮᠰᠢᠯ ᠤᠨ ᠬᠤᠪᠢᠴᠠᠭᠠᠲᠤ ᠬᠢᠵᠠᠭᠠᠷᠳᠤ ᠺᠤᠮᠫᠠᠨᠢ᠂ ᠪᠤᠭᠤᠲᠤ ᠬᠤᠲᠠ ᠶᠢᠨ ᠲᠤᠨᠤᠭ ᠲᠦᠬᠦᠭᠡᠷᠦᠮᠵᠢ ᠶᠢᠨ ᠬᠠᠮᠢᠶᠠᠷᠤᠯᠲᠠ ᠶᠢᠨ ᠠᠵᠢᠯ ᠮᠡᠷᠭᠡᠵᠢᠯ ᠤᠨ ᠨᠡᠶᠢᠭᠡᠮᠯᠢᠭ᠌ ᠪᠤᠯᠤᠨ ᠪᠤᠭᠤᠲᠤ ᠬᠤᠲᠠ ᠶᠢᠨ ᠬᠦᠩᠭᠡᠨ ᠠᠵᠤ ᠦᠢᠯᠡᠳᠪᠦᠷᠢ ᠶᠢᠨ ᠠᠵᠢᠯ ᠮᠡᠷᠭᠡᠵᠢᠯ ᠤᠨ ᠲᠸᠭ᠍ᠨᠤᠯᠤᠭᠢ ᠶᠢᠨ ᠲᠡᠭᠡᠲᠤ ᠰᠤᠷᠭᠠᠭᠤᠯᠢ ᠬᠠᠮᠲᠤᠪᠡᠷ ᠪᠠᠶᠢᠭᠤᠯᠪᠠ᠃ ᠲᠤᠰ ᠲᠦᠪ ᠨᠢ ᠵᠠᠰᠠᠭ ᠤᠨ ᠤᠷᠳᠤᠨ᠂ ᠰᠤᠷᠭᠠᠭᠤᠯᠢ᠂ ᠠᠵᠤ ᠠᠬᠤᠶᠢᠯᠠᠯ ᠤᠨ ᠡᠬᠢ ᠪᠠᠶᠠᠯᠢᠭ ᠤᠨ ᠲᠠᠪᠠᠭᠤᠯᠢᠭ ᠲᠤ ᠰᠠᠭᠤᠷᠢᠯᠠᠨ᠂ ᠡᠯ᠎ᠠ ᠲᠠᠯ᠎ᠠ ᠶᠢᠨ ᠡᠬᠢ ᠪᠠᠶᠠᠯᠢᠭ ᠢ ᠨᠢᠭᠡᠳᠭᠡᠨ᠂ ᠬᠠᠮᠲᠤ ᠶᠢᠨ ᠠᠵᠢᠯᠯᠠᠭᠠᠨ ᠤ ᠲᠤᠭᠲᠠᠯᠴᠠᠭ᠎ᠠ ᠶᠢ ᠲᠡᠭᠦᠯᠲᠡᠷᠵᠢᠭᠦᠯᠵᠤ᠂ ᠰᠢᠨ᠎ᠠ ᠶᠢ ᠡᠭᠦᠳᠴᠤ ᠰᠤᠷᠭᠠᠨ ᠬᠦᠮᠦᠵᠢᠭᠦᠯᠬᠦ ᠠᠷᠭ᠎ᠠ ᠪᠡᠷᠢᠯ ᠢᠶᠡᠨ ᠳᠠᠮᠵᠢᠨ ᠬᠠᠷᠢᠯᠴᠠᠨ ᠠᠰᠢᠭᠲᠠᠢ ᠬᠠᠮᠲᠤᠪᠠᠷ ᠢᠯᠡᠵᠤ᠂ ᠪᠤᠭᠤᠲᠤ ᠬᠤᠲᠠ ᠶᠢᠨ ᠤᠶᠤᠨᠴᠢ ᠦᠢᠯᠡᠳᠦᠭᠴᠢ ᠪᠤᠯᠤᠨ ᠠᠵᠤ ᠦᠢᠯᠡᠳᠪᠦᠷᠢ ᠶᠢᠨ ᠮᠠᠰᠢᠨ ᠬᠦᠮᠦᠨ ᠤ ᠦᠢᠯᠡᠰ ᠢ ᠠᠬᠢᠭᠤᠯᠤᠨ᠂ ᠮᠠᠰᠢᠨ ᠬᠦᠮᠦᠨ ᠪᠤᠯᠤᠨ ᠤᠶᠤᠨᠴᠢ ᠦᠢᠯᠡᠳᠦᠭᠴᠢ ᠶᠢᠨ ᠬᠦᠷᠢᠶ᠎ᠠ ᠴᠠᠷ᠎ᠠ ᠳᠤ《 ᠪᠤᠭᠤᠲᠤ ᠬᠤᠲᠠ ᠶᠢᠨ ᠪᠷᠸᠨ᠋ᠳ᠋》 ᠢ ᠪᠤᠢ ᠪᠤᠯᠭᠠᠬᠤ ᠪᠡᠷ ᠴᠢᠷᠮᠠᠶᠢᠨ᠎ᠠ᠃

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121178703