蒙古文网站Logo
ᠰᠢᠨᠬᠤᠸᠠ ᠮᠤᠩᠭ᠋ᠤᠯ ᠨᠧᠲ

ᠨᠤᠲᠦᠬᠴᠢ ᠰᠡᠳᠬᠢᠯ ᠨᠠᠨᠲᠢᠨ ᠬᠠᠢᠢᠷ᠎ᠠ - ᠬᠦᠬᠡᠬᠤᠲᠡ ᠵᠢᠨ《ᠦᠬᠡᠲᠡ ᠡᠮᠨᠡᠬᠦ ᠭᠠᠵᠠᠷ》 ᠤᠨ ᠭᠤᠤᠯᠯᠠᠬᠴᠢ ᠡᠮᠴᠢ ᠦᠬᠡᠲᠡ ᠵᠢᠨ ᠰᠤᠷᠪᠤᠯᠵᠢᠯᠠᠭ᠎ᠠ

2017-06-28 16:57

    ᠦᠪᠦᠷ ᠮᠤᠩᠭᠤᠯ ᠤᠨ ᠵᠠᠷᠤᠳ ᠨᠤᠲᠦᠬ ᠵᠢᠨᠷ ᠰᠤᠷᠪᠤᠯᠵᠢᠯᠠᠨ ᠶᠠᠪᠤᠬᠤ ᠵᠠᠭᠤᠷ᠎ᠠ᠂ ᠵᠠᠷᠤᠳ ᠬᠤᠰᠢᠭᠤᠨ ᠤ ᠴᠢᠨᠲᠡᠮᠤᠨᠢ ᠰᠤᠮᠤ ᠵᠢᠨ ᠨᠤᠭᠤᠭᠠᠨᠴᠢᠯᠠᠭᠤ ᠭᠠᠴᠠᠭ᠎ᠠ ᠪᠠᠷ ᠨᠤᠲᠦᠬ ᠲᠡᠢ ᠦᠬᠡᠲᠡ ᠠᠬ᠎ᠠ ᠲᠡᠬᠦᠦ ᠵᠢᠷᠭᠤᠭᠤᠯᠠ ᠦᠪᠡᠷ ᠋ ᠤᠨ ᠰᠦᠢᠳᠬᠡᠯ ᠵᠢᠨᠷ ᠨᠤᠲᠦᠬ ᠤᠨ ᠤᠪᠤᠭ᠎ᠠ ᠪᠠᠨ ᠲᠡᠬᠢᠵᠤ ᠨᠤᠲᠦᠬ ᠤᠰᠤᠨ ᠤ ᠬᠢᠨ ᠵᠢᠨᠨ ᠪᠠᠶᠠᠰᠬᠠᠵᠤ ᠪᠠᠢᠢᠬᠤ ᠴᠢᠮᠡᠬᠡ ᠶᠢ ᠳᠤᠭᠤᠯᠵᠤ ᠪᠢᠳᠡ ᠳᠡᠳᠡᠨ ᠢ ᠰᠤᠷᠪᠤᠯᠵᠢᠯᠠᠬᠤ ᠪᠡᠷ ᠨᠤᠭᠤᠭᠠᠨᠴᠢᠯᠠᠭᠤ ᠨᠤᠲᠦᠬ ᠢ ᠵᠤᠷᠢᠪᠡ᠃

    ᠨᠤᠲᠦᠬ ᠤᠨ ᠤᠪᠤᠭᠠᠨ ᠋ ᠳᠠᠭᠠᠨ ᠲᠠᠭᠠᠳᠬᠠᠵᠤ ᠶᠠᠪᠤᠭ᠎ᠠ ᠦᠬᠡᠲᠡ ᠵᠢ ᠨᠤᠲᠦᠬ ᠋ ᠤᠨ ᠬᠢᠨ《ᠡᠨᠡ ᠴᠢᠨᠢ ᠮᠠᠨ ᠋ ᠤ ᠦᠬᠡᠲᠡ ᠡᠮᠴᠢ ᠪᠠᠢᠢᠨ᠎ᠠ》ᠬᠡᠵᠤ ᠤᠮᠤᠬᠰᠢᠯᠲᠠᠢᠢᠬᠠᠨ ᠲᠡᠨᠢᠯᠴᠠᠭᠤᠯᠵᠠᠢ᠃ ᠲᠡᠷᠡ ᠨᠤᠲᠦᠬ ᠵᠢᠨᠨ ᠡᠷᠬᠢᠵᠤ ᠦᠵᠡᠨ ᠤᠪᠤᠭ᠎ᠠ ᠪᠠᠨ ᠲᠡᠬᠢᠵᠤ ᠨᠠᠢᠢᠷ ᠨᠠᠭᠠᠲᠦᠮ ᠡᠷᠬᠢᠯᠡᠵᠤ ᠪᠠᠢᠢᠬᠤ ᠲᠤᠬᠠᠢ ᠪᠠᠨ ᠄《ᠪᠢ ᠡᠨᠡ ᠨᠤᠲᠦᠬ ᠡᠴᠡ ᠬᠦᠮᠤᠨ ᠪᠤᠯᠤᠬᠰᠡᠨ᠂ ᠨᠤᠲᠦᠬ ᠲᠠᠭᠠᠨ ᠢᠷᠡᠵᠤ ᠪᠠᠭ᠎ᠠ ᠰᠠᠭ᠎ᠠ ᠶᠠᠪᠤᠲᠡᠯ ᠬᠢᠬᠦ ᠨᠢ ᠠᠶᠠᠨᠲᠠᠭᠠᠨ ᠤ ᠶᠠᠪᠤᠲᠡᠯ ᠡ᠂ ᠡᠨᠡ ᠪᠦᠬᠦ ᠶᠠᠪᠤᠲᠡᠯ ᠋ ᠢ ᠮᠠᠨ ᠤ ᠠᠬ᠎ᠠ ᠲᠡᠬᠦᠦ ᠵᠢᠷᠭᠤᠭᠤᠯᠠ ᠲᠠᠭᠠᠭᠠᠨ ᠬᠢᠵᠤ ᠪᠤᠢ》ᠬᠡᠯ᠎ᠠ᠃

    ᠦᠬᠡᠲᠡ ᠭᠤᠸᠠᠢ ᠠᠬ᠎ᠠ ᠲᠡᠬᠦᠦ ᠵᠢᠷᠭᠤᠭᠤᠯᠠ᠃ ᠶᠡᠬᠡ ᠡᠬᠡᠴᠢ ᠵᠠᠩ ᠵᠢᠨ ᠯᠢᠶᠠᠨ᠂ ᠬᠤᠶᠠᠲᠦᠭᠠᠷ ᠡᠬᠡᠴᠢ ᠬᠠᠰᠴᠢᠮᠡᠭ ᠨᠢ ᠨᠤᠭᠤᠭᠠᠨᠴᠢᠯᠠᠭᠤ ᠨᠤᠲᠦᠬ ᠲᠠᠭᠠᠨ ᠦᠯᠡᠲᠡᠭᠰᠡᠨ ᠡᠴᠡ ᠪᠤᠰᠤᠳ ᠨᠢ ᠪᠦᠷ ᠠᠵᠢᠯ ᠠᠯᠪᠠ ᠲᠡᠢ᠃ ᠠᠬ᠎ᠠ ᠲᠤᠯᠭᠠᠭᠤᠷᠢ ᠨᠢ ᠦᠪᠤᠷ ᠮᠤᠩᠭᠤᠯ ᠋ ᠤᠨ ᠮᠤᠩᠭᠤᠯ ᠡᠮ ᠡᠮᠨᠡᠯᠬᠡ ᠵᠢᠨ ᠠᠵᠢᠯ ᠮᠡᠷᠬᠡᠵᠢᠯ᠋ ᠤᠨ ᠰᠤᠷᠭᠠᠭᠤᠯᠢ ᠋ ᠳᠦ ᠠᠷᠪᠠᠭᠠᠳ ᠵᠢᠯ ᠮᠤᠩᠭᠤᠯ ᠠᠨᠠᠭᠠᠬᠤ ᠤᠬᠠᠭᠠᠨ  ᠤ ᠮᠡᠷᠬᠡᠵᠢᠯ ᠵᠢᠨᠷ ᠪᠠᠬᠰᠢᠯᠠᠵᠤ ᠪᠠᠢᠢᠬᠰᠡᠨ ᠵᠢᠨᠨ 2008 ᠤᠨ ᠋ ᠳᠦ ᠮᠤᠩᠭᠤᠯ ᠤᠯᠤᠰ ᠋ ᠤᠨ ᠠᠨᠠᠭᠠᠬᠤ ᠢᠢᠨ ᠰᠢᠨᠵᠢᠯᠡᠬᠦ ᠤᠬᠠᠭᠠᠨ ᠋ ᠤ ᠦᠨᠲᠦᠰᠤᠨ ᠤ ᠶᠡᠬᠡ ᠰᠤᠷᠭᠠᠭᠤᠯᠢ ᠋ ᠳᠦ ᠳ᠋ᠤᠺᠲ᠋ᠤᠷ ᠵᠢᠨᠷ ᠰᠤᠷᠤᠯᠴᠠᠵᠤ ᠲᠡᠬᠦᠰᠦᠬᠡᠳ ᠤᠲᠦ ᠡᠷᠢᠶᠠᠨ ᠬᠤᠲᠠ ᠋ ᠳᠤ《ᠮᠠᠨᠲᠦᠯ᠎ᠠ ᠮᠤᠩᠭᠤᠯ ᠡᠮᠨᠡᠯᠬᠡ ᠵᠢᠨ ᠭᠠᠵᠠᠷ》᠋ ᠠᠵᠢᠯᠯᠠᠭᠤᠯᠳᠠᠭ ᠮᠦᠨ ᠡᠮᠴᠢ ᠵᠢᠨ ᠠᠵᠢᠯ ᠲᠡᠢ᠃ ᠡᠷᠲᠡᠨᠢ ᠨᠢ ᠦᠪᠡᠷᠲᠡᠬᠡᠨ ᠵᠠᠰᠠᠬᠤ ᠤᠷᠤᠨ ᠋ ᠤ ᠠᠷᠡᠳ ᠋ ᠤᠨ ᠵᠠᠰᠠᠬ ᠋ ᠤᠨ ᠤᠷᠲᠦᠨ ᠋ ᠤ ᠭᠠᠲᠠᠭᠠᠲᠦ ᠶᠠᠪᠤᠲᠡᠯ ᠋ ᠤᠨ ᠠᠯᠪᠠᠨ ᠬᠡᠷ ᠲᠦ ᠠᠵᠢᠯᠯᠠᠳᠠᠭ᠃ ᠦᠬᠢᠨ ᠲᠡᠬᠦᠦ ᠢᠤᠢ ᠯᠠᠨ ᠨᠢ ᠴᠡᠴᠡᠷᠯᠢᠭᠴᠢ ᠵᠢᠨ ᠠᠵᠢᠯ ᠲᠡᠢ᠃ ᠡᠲᠡᠨᠠᠢᠢᠬᠢᠨ ᠠᠬ᠎ᠠ ᠲᠡᠬᠦᠦ ᠵᠢᠷᠭᠤᠭᠤᠯᠠ ᠦᠪᠡᠷ ᠋ ᠤᠨ ᠰᠦᠢᠳᠬᠡᠯ ᠵᠢᠨᠷ ᠨᠤᠲᠦᠬ ᠋ ᠤᠨ ᠤᠪᠤᠭ᠎ᠠ ᠪᠠᠨ ᠲᠡᠬᠢᠭᠠᠳ ᠭᠤᠷᠪᠠᠨ ᠵᠢᠯ ᠋ ᠤᠨ ᠨᠢᠭᠤᠷ ᠋ ᠢ ᠦᠵᠡᠵᠤ ᠪᠤᠢ᠃

    2015 ᠤᠨ ᠋ ᠳᠦ ᠠᠩᠬ᠎ᠠ ᠤᠪᠤᠭᠠᠨ ᠨᠠᠢᠢᠷ ᠬᠢᠬᠦ ᠳ᠋ᠡᠬᠡᠨ ᠮᠤᠷᠢ ᠤᠷᠤᠯᠲᠦᠬᠤ᠂ ᠪᠦᠬᠡ ᠪᠠᠷᠢᠯᠲᠦᠬᠤ ᠵᠡᠷᠬᠡ ᠤᠯᠠᠮᠵᠢᠯᠠᠯᠲᠦ ᠨᠠᠢᠢᠷ ᠨᠠᠭᠠᠲᠦᠮ ᠋ ᠢ ᠡᠷᠬᠢᠯᠡᠭᠰᠡᠨ ᠪᠦᠬᠡᠳ ᠪᠠᠰᠠ ᠬᠦᠶᠤᠵᠤ ᠤᠷᠤᠯᠲᠦᠬᠤ᠂ ᠲᠡᠬᠡᠰᠦ ᠲᠠᠲᠠᠬᠤ ᠵᠡᠷᠬᠡ ᠪᠡᠶ᠎ᠠ ᠵᠢᠨ ᠲᠡᠮᠢᠷ ᠋ ᠤᠨ ᠤᠷᠤᠯᠲᠦᠭᠠᠨ ᠋ ᠢ ᠶᠠᠪᠤᠬᠲᠡᠭᠤᠯᠵᠤ ᠨᠤᠲᠦᠬ ᠋ ᠤᠨ ᠲᠦᠮᠡᠨ ᠵᠢᠨᠨ ᠪᠠᠶᠠᠰᠬᠠᠬᠰᠡᠨ ᠪᠠᠢᠢᠨ᠎ᠠ᠃ ᠪᠠᠰᠠ ᠭᠠᠴᠠᠭᠠᠨ ᠤ ᠪᠡᠨ ᠲᠠᠯᠠᠨ ᠨᠠᠰᠤᠨ ᠡᠴᠡ ᠲᠡᠬᠡᠭᠰᠢᠬᠢ 61 ᠨᠠᠰᠤᠲᠡᠨ ᠋ ᠢ ᠠᠮᠤ ᠲᠤᠰᠦ ᠵᠢᠨ ᠪᠡᠯᠡᠭ ᠲᠡᠢ ᠡᠷᠤᠬᠡ ᠲᠠᠷᠡᠭᠠᠯᠠᠨ ᠪᠤᠯᠭᠤᠭᠠᠨ ᠦᠵᠡᠭᠰᠡᠨ ᠪᠦᠬᠡᠳ ᠢᠷᠡᠬᠡᠲᠦᠢ ᠵᠢᠨ ᠨᠠᠷᠡ ᠬᠡᠮᠡᠨ ᠭᠠᠴᠠᠭ᠎ᠠ ᠵᠢᠨ ᠵᠢᠨᠨ ᠴᠡᠴᠡᠷᠯᠢᠭ ᠋ ᠤᠨ ᠬᠡᠤᠬᠡᠳ ᠋ ᠤᠳ ᠲᠦ ᠪᠢᠴᠢᠭ᠌ ᠋ ᠤᠨ ᠬᠡᠷᠡᠭᠰᠡᠯ ᠬᠦᠷᠬᠡᠨ ᠦᠭᠴᠠᠢ᠃《ᠭᠤᠷᠪᠠᠨ ᠵᠢᠯ ᠨᠡᠢᠢᠲᠡ ᠠᠷᠪᠠᠨ ᠲᠤᠯᠤᠭ᠎ᠠ ᠨᠠᠶ᠋ᠮᠠᠨ ᠲᠦᠮᠡᠨ ᠲᠦᠬᠦᠷᠢᠭ ᠵᠠᠷᠤᠴᠠᠭᠤᠯᠵᠡᠢ᠃ ᠬᠢᠷᠢ ᠢᠢᠨ ᠬᠦᠮᠦᠨ ᠬᠢᠷᠢ ᠲᠤᠳᠤᠷ᠎ᠠ ᠪᠠᠨ ᠭᠡᠳᠡᠭ ᠢᠶᠡᠷ ᠵᠠᠷᠤᠳᠠᠯ ᠢ ᠮᠠᠨ ᠤ ᠦᠭᠡᠳᠡ ᠶᠡᠬᠡᠡᠭᠬᠢ ᠵᠢ ᠨᠢ ᠲᠠᠭᠠᠭᠠᠵᠠᠢ᠃ ᠢᠩᠬᠢᠵᠤ ᠬᠦᠴᠦ ᠲᠡᠯᠪᠢᠨ ᠤᠪᠤᠭ᠎ᠠ ᠪᠠᠨ ᠲᠡᠬᠢᠵᠤ ᠨᠠᠢᠢᠷ ᠨᠠᠭᠠᠲᠦᠮ ᠡᠷᠬᠢᠯᠡᠵᠤ ᠪᠠᠢᠢᠬᠤ ᠨᠢ ᠨᠤᠳᠤᠬ ᠤᠨ ᠲᠦᠮᠡᠨ ᠤ ᠪᠠᠨ ᠮᠤᠩᠭᠤᠯ᠋ ᠤᠨ ᠤᠯᠠᠮᠵᠢᠯᠠᠯᠲᠦ ᠵᠠᠩ ᠵᠠᠩᠰᠢᠯ ᠋ ᠢ ᠨᠢ ᠰᠡᠷᠬᠦᠬᠡᠨ ᠮᠠᠨᠲᠦᠭᠤᠯᠬᠤ ᠵᠢᠨ ᠲᠦᠯᠤᠬᠡ ᠶᠤᠮ》ᠬᠡᠵᠤ ᠦᠬᠡᠳᠡ ᠶᠢᠨ ᠠᠬ᠎ᠠ ᠲᠤᠯᠭᠠᠭᠤᠷᠢ ᠶᠠᠷᠢᠵᠠᠢ᠃

    ᠦᠬᠡᠲᠡ ᠵᠢᠨ ᠬᠢᠨ ᠬᠡᠲᠦᠨ ᠦᠶ᠎ᠠ ᠪᠠᠷ ᠵᠢᠨᠨ ᠡᠮᠴᠢ ᠶᠠᠪᠤᠬᠰᠡᠨ ᠤᠯᠤᠰ᠃ ᠲᠡᠬᠦᠨ ᠋ ᠤ ᠦᠶ᠎ᠠ ᠪᠤᠯᠬᠤ ᠋ ᠳᠦ ᠨᠢᠭᠡᠨᠳᠡ ᠲᠦᠷᠪᠡᠨ ᠦᠶ᠎ᠠ ᠪᠠᠷ ᠵᠢᠨᠨ ᠡᠮᠴᠢ ᠶᠠᠪᠤᠬᠰᠡᠨ᠃ ᠦᠬᠡᠲᠡ ᠭᠤᠸᠠᠢ ᠤᠲᠦᠬᠠᠨ ᠋ ᠳᠦ ᠬᠦᠬᠡᠬᠤᠲᠡ ᠋ ᠳᠤ《ᠦᠬᠡᠲᠡ ᠡᠮᠨᠡᠬᠦ ᠭᠠᠵᠠᠷ 》᠋ᠡᠷᠬᠢᠯᠡᠨ ᠨᠡᠬᠡᠬᠡᠵᠤ ᠪᠠᠢᠢᠭ᠎ᠠ ᠪᠦᠬᠡᠳ ᠮᠤᠩᠭᠤᠯ ᠠᠨᠠᠭᠠᠬᠤ ᠤᠬᠠᠭᠠᠨ ᠋ ᠤ ᠲᠤᠲᠦᠷ ᠰᠠᠯᠠᠭ᠎ᠠ ᠵᠢᠨ ᠭᠤᠤᠯᠯᠠᠬᠴᠢ ᠡᠮᠴᠢ ᠪᠠᠷ ᠠᠵᠢᠯᠯᠠᠵᠤ ᠪᠤᠢ᠃

    ᠦᠬᠡᠲᠡ ᠭᠤᠸᠠᠢ ᠨᠤᠭᠤᠭᠠᠨᠴᠢᠯᠠᠭᠤ ᠨᠤᠲᠦᠬ ᠤᠨ ᠬᠦᠷᠤᠰᠤᠨ ᠋ ᠡᠴᠡ ᠬᠦᠯ ᠋ ᠳᠦ ᠤᠷᠤᠨ ᠬᠦᠮᠤᠨ ᠤ ᠵᠡᠷᠬᠡᠡ᠋ ᠳᠦ ᠬᠦᠷᠬᠦ ᠳ᠋ᠡᠬᠡᠨ ᠡᠪᠡᠳᠴᠢᠨ ᠵᠤᠪᠠᠯᠠᠩ ᠋ ᠢ ᠠᠷᠢᠯᠭᠠᠬᠴᠢ ᠤᠲᠦᠴᠢ ᠪᠤᠯᠬᠤ ᠬᠦᠰᠡᠯ ᠲᠠᠢ ᠪᠤᠯᠵᠠᠢ᠃ ᠲᠡᠬᠦᠨ ᠋ ᠤ ᠡᠨᠡᠬᠦ ᠬᠦᠰᠡᠯ ᠨᠢ ᠭᠤᠷᠪᠠᠨ ᠦᠶ᠎ᠠ ᠪᠠᠷ ᠵᠢᠨᠨ ᠡᠮᠴᠢ ᠶᠠᠪᠤᠬᠰᠡᠨ ᠬᠡᠷ ᠤᠨ ᠰᠤᠷᠭᠠᠯ ᠡᠴᠡ ᠡᠰᠢ ᠲᠡᠢ᠃ ᠲᠡᠬᠦᠨ ᠋ ᠤ ᠠᠪᠤ ᠷᠢᠨᠴᠢᠨᠵᠠᠪ ᠮᠠᠮᠠ ᠬᠡᠵᠤ ᠨᠠᠷᠡᠲᠡᠢ ᠡᠮᠴᠢ ᠬᠦᠮᠦᠨ᠂ ᠨᠠᠰᠤᠨ ᠡᠴᠤᠰ ᠪᠤᠯᠲᠠᠯ᠎ᠠ ᠪᠠᠨ ᠠᠵᠢᠯ ᠋ ᠤᠨ ᠪᠠᠢᠢᠷᠢ ᠡᠴᠡ ᠪᠠᠨ ᠰᠠᠯᠤᠭ᠎ᠠ ᠦᠬᠡᠢ ᠬᠡᠲᠡᠭ᠃ ᠲᠡᠢᠢᠮᠦ ᠵᠢᠨ ᠲᠡᠬᠡᠷ᠎ᠠ ᠦᠬᠡᠲᠡ ᠭᠤᠸᠠᠢ ᠵᠢᠨ ᠠᠬ᠎ᠠ ᠲᠤᠯᠭᠠᠭᠤᠷᠢ ᠬᠡᠵᠤ ᠮᠦᠨ ᠮᠤᠩᠭᠤᠯ ᠠᠨᠠᠭᠠᠬᠤ ᠤᠬᠠᠭᠠᠨ ᠰᠤᠷᠤᠬᠰᠡᠨ ᠬᠦᠮᠤᠨ᠂ ᠦᠪᠤᠷ ᠮᠤᠩᠭᠤᠯ ᠋ ᠤᠨ ᠮᠤᠩᠭᠤᠯ ᠡᠮ ᠡᠮᠨᠡᠯᠬᠡ ᠵᠢᠨ ᠠᠵᠢᠯ ᠮᠡᠷᠬᠡᠵᠢᠯ᠋ ᠤᠨ ᠰᠤᠷᠭᠠᠭᠤᠯᠢ ᠳᠦ ᠠᠷᠪᠠᠭᠠᠳ ᠵᠢᠯ ᠮᠤᠩᠭᠤᠯ ᠠᠨᠠᠭᠠᠬᠤ ᠤᠬᠠᠭᠠᠨ ᠤ ᠮᠡᠷᠬᠡᠵᠢᠯ ᠵᠢᠨᠷ ᠪᠠᠬᠰᠢᠯᠠᠵᠤ ᠪᠠᠢᠢᠬᠰᠡᠨ ᠦᠶ᠎ᠠ ᠋ ᠳᠦ ᠲᠡᠬᠦᠦ ᠦᠬᠡᠲᠡ ᠨᠢ ᠲᠤᠰ ᠰᠤᠷᠭᠠᠭᠤᠯᠢ ᠋ ᠳᠦ ᠰᠢᠯᠭᠠᠨ ᠤᠷᠤᠵᠤ᠂ ᠡᠮᠴᠢ ᠤᠲᠦᠮ ᠋ ᠤᠨ ᠬᠡᠷ ᠪᠦᠯᠢ ᠳ᠋ᠡᠬᠡᠨ ᠪᠠᠰᠠ ᠨᠢᠬᠡᠨ ᠵᠠᠯᠭᠠᠮᠵᠢᠯᠠᠬᠴᠢ ᠵᠢ ᠨᠡᠮᠡᠵᠡᠢ᠃ ᠦᠬᠡᠲᠡ ᠰᠤᠷᠭᠠᠭᠤᠯᠢ ᠪᠠᠨ ᠲᠡᠬᠦᠰᠬᠡᠮᠡᠭᠴᠡ ᠪᠠᠨ ᠠᠪᠤ ᠵᠢᠨ ᠵᠢᠨᠨ ᠦᠢᠯᠡᠰ ᠋ ᠢ ᠵᠠᠯᠭᠠᠵᠤ ᠬᠦᠬᠡᠬᠤᠲᠠ ᠋ ᠳᠦ《ᠦᠬᠡᠲᠡ ᠡᠮᠨᠡᠬᠦ ᠭᠠᠵᠠᠷ》ᠨᠡᠬᠡᠬᠡᠨ ᠠᠵᠢᠯᠯᠠᠭᠤᠯᠵᠠᠢ᠃

    ᠤᠪᠤᠭᠠᠨ ᠨᠠᠢᠢᠷ ᠲᠦ ᠴᠢᠨᠲᠡᠮᠤᠨᠢ ᠰᠤᠷᠭᠠᠭᠤᠯᠢ ᠵᠢᠨ ᠰᠤᠷᠤᠬᠴᠢᠳ ᠮᠤᠩᠭᠤᠯ ᠵᠢᠨᠷ ᠵᠢᠨᠨ ᠭᠤᠶᠤᠯᠠᠵᠤ ᠲᠤᠭᠯᠠᠯᠲᠡ ᠭᠠᠷᠭᠠᠬᠤ ᠬᠡᠵᠤ ᠶᠠᠭᠠᠷᠡᠯᠲᠦᠵᠤ ᠪᠠᠢᠢᠯ᠎ᠠ᠃ ᠰᠤᠷᠪᠤᠯᠵᠢᠯᠠᠬᠴᠢ ᠤᠢᠢᠷᠡᠲᠦᠨ ᠬᠦᠷᠴᠦ ᠪᠠᠢᠢᠲᠡᠯ ᠋ ᠢ ᠯᠠᠪᠯᠠᠬᠤ ᠋ ᠳᠦ ᠴᠢᠨᠲᠡᠮᠤᠨᠢ ᠰᠤᠷᠭᠠᠭᠤᠯᠢ ᠵᠢᠨ ᠬᠠᠰᠪᠠᠷᠰ ᠵᠠᠬᠢᠷᠤᠯ ᠡᠴᠡ᠄《ᠦᠴᠤᠬᠡᠲᠦᠷ ᠦᠬᠡᠲᠡ ᠭᠤᠸᠠᠢ ᠮᠠᠨ ᠋ ᠤ ᠰᠤᠷᠭᠠᠭᠤᠯᠢ ᠋ ᠳᠦ 6 ᠲᠦᠮᠡ ᠭᠠᠷᠤᠢ ᠲᠦᠬᠦᠷᠢᠭ ᠋ ᠤᠨ ᠨᠤᠮ ᠲᠡᠪᠲᠡᠷ ᠬᠠᠨᠲᠢᠪᠯᠠᠵᠡᠢ᠃ ᠦᠬᠡᠲᠡ ᠭᠤᠸᠠᠢ ᠵᠢᠨ ᠡᠨᠡᠬᠦ ᠡᠷᠬᠢᠮ ᠲᠡᠬᠡᠲᠦ ᠠᠵᠢᠯᠯᠠᠭ᠎ᠠ ᠮᠠᠨ ᠋ ᠤ ᠰᠤᠷᠭᠠᠭᠤᠯᠢ ᠵᠢᠨ ᠪᠠᠬᠰᠢ ᠰᠤᠷᠤᠬᠴᠢ ᠵᠢᠴᠢ ᠨᠤᠲᠦᠬ ᠋ ᠤᠨ ᠬᠦᠮᠤᠰ ᠲᠦ ᠬᠠᠯᠠᠭᠤᠨ ᠶᠠᠷᠢᠶ᠎ᠠ ᠪᠤᠯᠤᠨ ᠲᠡᠮᠵᠢᠬᠲᠡᠵᠤ ᠪᠠᠢᠢᠨ᠎ᠠ》 ᠬᠡᠵᠤ ᠰᠡᠳᠬᠢᠯ ᠦᠨᠲᠦᠷ ᠲᠡᠨᠢᠯᠴᠠᠭᠤᠯᠪᠡ᠃

    ᠰᠤᠷᠪᠤᠯᠵᠢᠯᠠᠨ᠎ᠠ᠂ ᠮᠡᠲᠡᠬᠡᠯᠡᠨ᠎ᠠ ᠬᠡᠵᠤ ᠬᠦᠷᠴᠦ ᠤᠴᠢᠬᠤ ᠳᠤ《ᠬᠢᠪᠡᠰᠦ ᠵᠤᠬᠢᠬᠤ ᠯᠡ ᠵᠦᠢᠯᠡᠰ 》ᠬᠡᠰᠡᠨ ᠦᠬᠡᠳᠡ ᠶᠢᠨ ᠦᠬᠡ ᠡᠴᠡ ᠳᠡᠬᠦᠨ ᠤ ᠯᠠᠪᠳᠠᠭᠤᠨ ᠬᠢᠨᠠᠭᠤᠷ᠂ ᠦᠢᠯᠡᠰ ᠪᠦᠳᠦᠬᠡᠵᠤ ᠤᠯᠠᠨ ᠳᠤ ᠳᠤᠰᠠ ᠬᠢᠬᠦ ᠡᠷᠬᠢᠮ ᠳᠡᠬᠡᠳᠦ ᠵᠠᠩ ᠴᠢᠨᠠᠷ ᠢ ᠮᠡᠳᠡᠵᠤ ᠪᠤᠯᠤᠨ᠎ᠠ᠃ ᠦᠬᠡᠳᠡ ᠶᠢᠨ ᠰᠡᠳᠬᠢᠯ ᠨᠤᠳᠤᠭ ᠵᠦᠭ ᠢᠶᠡᠨ ᠳᠡᠮᠡᠤᠯᠡᠭᠰᠡᠬᠡᠷ ᠁ ᠎(ᠨᠡᠶᠢᠳᠡᠯᠡᠯ ᠢ ᠲᠦᠩᠯᠢᠶᠤᠤ ᠵᠢᠨ ᠡᠲᠦᠷ  ᠤᠨ ᠰᠤᠨᠢᠨ  ᠤ ᠬᠤᠷᠢᠶ᠎ᠠ ᠶᠢᠨ ᠰᠤᠷᠪᠤᠯᠵᠢᠯᠠᠭᠴᠢ ᠤᠶᠤᠨ)

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121225705