蒙古文网站Logo
ᠰᠢᠨᠬᠤᠸᠠ ᠮᠤᠩᠭ᠋ᠤᠯ ᠨᠧᠲ

ᠬᠦᠬᠡᠬᠤᠲᠠ 29 ᠤ ᠰᠦᠨᠢ ᠡᠴᠡ ᠡᠬᠢᠯᠡᠨ ᠰᠦᠨᠢ ᠶᠢᠨ ᠠᠦ᠋ᠲ᠋ᠤᠪᠦᠰ ᠨᠡᠪᠲᠡᠷᠡᠭᠦᠯᠦᠨ᠎ᠠ

2017-06-28 15:45

    27 ᠤ ᠡᠳᠦᠷ᠂ ᠰᠤᠷᠪᠤᠯᠵᠢᠯᠠᠬᠴᠢ ᠬᠦᠬᠡᠬᠤᠲᠠ ᠶᠢᠨ ᠠᠦ᠋ᠲ᠋ᠤᠪᠦᠰ ᠤᠨ ᠶᠡᠷᠦᠩᠬᠡᠢ ᠺᠤᠮᠫᠠᠨᠢ ᠡᠴᠡ ᠤᠶᠢᠯᠠᠭᠠᠭᠰᠠᠨ ᠢᠶᠡᠷ᠂ ᠬᠤᠲᠠ ᠶᠢᠨ ᠬᠦᠭ᠍ᠵᠢᠯᠲᠠ ᠪᠠ ᠱᠠᠭᠠᠷᠳᠠᠯᠭ᠎ᠠ ᠡᠴᠡ ᠪᠤᠯᠵᠤ ᠬᠦᠬᠡᠬᠤᠲᠠ ᠶᠢᠨ ᠠᠦ᠋ᠲ᠋ᠤᠪᠦᠰ ᠤᠨ ᠶᠡᠷᠦᠩᠬᠡᠢ ᠺᠤᠮᠫᠠᠨᠢ 6 ᠰᠠᠷ᠎ᠠ ᠶᠢᠨ 29 ᠤ ᠰᠦᠨᠢ ᠡᠴᠡ ᠡᠬᠢᠯᠡᠨ ᠰᠦᠨᠢ ᠶᠢᠨ ᠠᠦ᠋ᠲ᠋ᠤᠪᠦᠰ (ᠰᠦᠨᠢ ᠶᠢᠨ ᠨᠢᠬᠡ ᠨᠤᠮᠧᠷᠲᠤ ᠱᠤᠭᠤᠮ᠂ ᠰᠦᠨᠢ ᠶᠢᠨ ᠬᠤᠶᠠᠷ ᠨᠤᠮᠧᠷᠲᠤ ᠱᠤᠭᠤᠮ) ᠨᠡᠪᠲᠡᠷᠡᠭᠦᠯᠵᠤ᠂ ᠢᠷᠭᠡᠳ ᠤᠨ ᠭᠠᠳᠠᠭᠰᠢ ᠭᠠᠷᠬᠤ ᠬᠡᠷᠡᠭᠴᠡᠭᠡ ᠶᠢ ᠬᠠᠩ᠋ᠭᠠᠨ᠎ᠠ᠃

    ᠤᠶᠢᠯᠠᠭᠠᠭᠰᠠᠨ ᠢᠶᠡᠷ᠂ ᠰᠦᠨᠢ ᠶᠢᠨ ᠠᠦ᠋ᠲ᠋ᠤᠪᠦᠰ ᠤᠨ ᠠᠵᠢᠯᠯᠠᠬᠤ ᠴᠠᠭ 21᠄20 ᠴᠠᠭ ᠡᠴᠡ ᠡᠬᠢᠯᠡᠵᠤ᠂ 22᠄ 20 ᠴᠠᠭ ᠲᠤ ᠡᠴᠦᠰ ᠤᠨ ᠡᠬᠡᠯᠵᠢ ᠶᠢᠨ ᠠᠦ᠋ᠲ᠋ᠤᠪᠦᠰ ᠮᠤᠷᠳᠠᠨ᠎ᠠ᠃ ᠤᠮᠠᠷᠠᠲᠤ ᠤᠷᠤᠨ ᠤ ᠡᠪᠦᠯ ᠤᠨ ᠤᠯᠠᠷᠢᠯ ᠳᠤ ᠰᠦᠨᠢ ᠪᠡᠷ ᠭᠠᠳᠠᠭᠰᠢ ᠭᠠᠷᠬᠤ  ᠢᠷᠭᠡᠳ ᠴᠥᠬᠡᠨ ᠪᠠᠶᠢᠳᠠᠭ ᠡᠴᠡ ᠡᠪᠦᠯ ᠤᠨ ᠤᠯᠠᠷᠢᠯ  ᠳ᠋ᠦ ᠰᠦᠨᠢ ᠶᠢᠨ ᠠᠦ᠋ᠲ᠋ᠤᠪᠦᠰ ᠨᠡᠪᠲᠡᠷᠡᠭᠦᠯᠬᠦ ᠡᠰᠡᠬᠦ  ᠶᠢ ᠪᠠᠰᠠ ᠲᠤᠬᠳᠠᠭᠠᠳᠤᠢ ᠪᠠᠶᠢᠭᠰᠠᠭᠠᠷ᠃ ᠤᠳᠤᠬᠠᠨ ᠳᠤ ᠲᠠᠰᠤᠯᠪᠤᠷᠢ ᠶᠢᠨ ᠬᠠᠩᠰᠢ ᠶᠠᠭ ᠪᠠᠳᠤᠯᠠᠭᠤᠯᠬᠤ  ᠶᠠᠪᠤᠴᠠ ᠳᠤ ᠪᠤᠢ᠂ ᠬᠠᠮᠤᠭ ᠤᠨ ᠡᠴᠦᠰ ᠲᠤ ᠲᠤᠭᠳᠠᠭᠰᠠᠨ ᠲᠠᠰᠤᠯᠪᠤᠷᠢ ᠶᠢᠨ ᠬᠠᠩᠰᠢ ᠶᠢ 29 ᠤ ᠡᠳᠦᠷ ᠨᠡᠶᠢᠲᠠᠯᠠᠨ᠎ᠠ᠃

ᠢᠷᠡᠯᠳᠡ᠄ ᠥᠪᠦᠷ ᠮᠣᠩᠭ᠋ᠤᠯ ᠤᠨ ᠥᠷᠯᠦᠬᠡᠨ ᠤ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121227668