蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ ᠠᠩᠬᠠᠳᠠᠭᠴᠢ ᠬᠤᠷᠳᠤᠨ ᠤ ᠲᠡᠮᠦᠷ ᠵᠠᠮ ᠴᠢᠭᠤᠯᠤᠯᠳᠤ ᠬᠠᠭᠠᠯᠭ᠎ᠠ - ᠬᠦᠬᠡᠬᠤᠳᠠ ᠴᠢᠭᠯᠡᠯ ᠤᠨ ᠠᠶᠠᠨᠴᠢᠨ ᠤ ᠲᠤᠰᠬᠠᠢ ᠱᠤᠭᠤᠮ ᠳ᠋ᠢᠶᠠᠭ᠍ᠷᠠᠮ ᠤᠨ ᠳᠠᠭᠠᠤ ᠠᠶᠠᠯᠠᠵᠤ ᠡᠬᠢᠯᠡᠪᠡ

2017-06-30 11:37

6 ᠰᠠᠷ᠎ᠠ ᠶᠢᠨ 29 ᠤ ᠡᠳᠦᠷ ᠨᠢᠭᠡᠨ ᠴᠤᠪᠤᠭ᠎ᠠ ᠭᠠᠯᠲᠤ ᠲᠡᠷᠭᠡ ᠴᠢᠭᠤᠯᠤᠯᠳᠤ ᠬᠠᠭᠠᠯᠭ᠎ᠠ - ᠬᠦᠬᠡᠬᠤᠳᠠ ᠴᠢᠭᠯᠡᠯ ᠤᠨ ᠠᠶᠠᠨᠴᠢᠨ ᠤ ᠲᠤᠰᠬᠠᠢ ᠱᠤᠭᠤᠮ ᠤᠯᠠᠭᠠᠨᠴᠠᠪ ᠢᠶᠡᠷ ᠠᠶᠠᠯᠠᠵᠤ ᠪᠠᠶᠢᠭ᠎ᠠ ᠨᠢ

    6 ᠰᠠᠷ᠎ᠠ ᠶᠢᠨ 29 ᠤ ᠡᠳᠦᠷ ᠡᠴᠡ ᠡᠬᠢᠯᠡᠨ ᠦᠪᠦᠷ ᠮᠣᠩᠭᠣᠯ ᠤᠨ ᠠᠩᠬᠠᠳᠠᠭᠴᠢ ᠬᠤᠷᠳᠤᠨ ᠤ ᠲᠡᠮᠦᠷ ᠵᠠᠮ ᠴᠢᠭᠤᠯᠤᠯᠳᠤ ᠬᠠᠭᠠᠯᠭ᠎ᠠ - ᠬᠦᠬᠡᠬᠤᠳᠠ ᠴᠢᠭᠯᠡᠯ ᠤᠨ ᠠᠶᠠᠨᠴᠢᠨ ᠤ ᠲᠤᠰᠬᠠᠢ ᠱᠤᠭᠤᠮ ᠤᠨ ᠤᠯᠠᠭᠠᠨᠴᠠᠪ ᠡᠴᠡ ᠬᠦᠬᠡᠬᠤᠳᠠ ᠵᠡᠬᠦᠨ ᠦᠷᠳᠡᠬᠡ ᠬᠦᠷᠬᠦ ᠭᠠᠯᠲᠤ ᠲᠡᠷᠭᠡ ᠳ᠋ᠢᠶᠠᠭ᠍ᠷᠠᠮ ᠤᠨ ᠳᠠᠭᠠᠤ ᠲᠤᠷᠰᠢᠨ ᠠᠶᠠᠯᠠᠵᠤ ᠡᠬᠢᠯᠡᠪᠡ᠃ ᠡᠳᠦᠷ ᠲᠤ ᠨᠢᠭᠡ ᠬᠤᠤᠰ ᠪᠠᠲᠤᠯᠠᠭᠠᠵᠢᠭᠤᠯᠤᠭᠰᠠᠨ ᠭᠠᠯᠲᠤ ᠲᠡᠷᠭᠡ ᠪᠤᠯᠤᠨ 5 ᠬᠤᠤᠰ ᠬᠤᠷᠳᠤᠨ ᠤ ᠭᠠᠯᠲᠤ ᠲᠡᠷᠭᠡ ᠶᠢ ᠠᠰᠢᠭᠯᠠᠯᠲᠠ ᠳᠤ ᠤᠷᠤᠬᠤ ᠬᠦᠷᠲᠡᠯ᠎ᠠ ᠨᠢ ᠠᠶᠠᠯᠠᠭᠤᠯᠤᠨ᠎ᠠ᠃ ᠴᠢᠭᠤᠯᠤᠯᠳᠤ ᠬᠠᠭᠠᠯᠭ᠎ᠠ - ᠬᠦᠬᠡᠬᠤᠳᠠ ᠴᠢᠭᠯᠡᠯ ᠤᠨ ᠠᠶᠠᠨᠴᠢᠨ ᠤ ᠲᠤᠰᠬᠠᠢ ᠱᠤᠭᠤᠮ ᠨᠢ ᠾᠸᠪᠸᠢ ᠮᠤᠵᠢ ᠶᠢᠨ ᠴᠢᠭᠤᠯᠤᠯᠲᠤ ᠬᠠᠭᠠᠯᠭ᠎ᠠ᠂ ᠦᠪᠦᠷ ᠮᠣᠩᠭᠣᠯ ᠤᠨ ᠤᠯᠠᠭᠠᠨᠴᠠᠪ ᠪᠤᠯᠤᠨ ᠬᠦᠬᠡᠬᠤᠲᠠ ᠪᠡᠷ ᠳᠠᠭᠠᠷᠢᠵᠤ ᠪᠦᠬᠦ ᠤᠷᠲᠤ ᠨᠢ 286.8 ᠺᠢᠯᠦᠮᠸᠲ᠋ᠷ᠂ ᠤᠷᠢᠳᠴᠢᠯᠠᠨ ᠲᠤᠭᠠᠴᠠᠭᠠᠯᠠᠭᠰᠠᠨ ᠢᠶᠡᠷ 2018 ᠤᠨ ᠳᠤ ᠪᠦᠬᠦ ᠱᠤᠭᠤᠮ ᠳᠤ ᠲᠡᠷᠭᠡ ᠨᠡᠪᠲᠡᠷᠡᠬᠦ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121240656