蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ ᠤᠨ ᠮᠢᠩᠭ᠋ᠠᠨ ᠬᠦᠮᠦᠨ ᠤ ᠬᠤᠪᠢ ᠶᠢᠨ ᠮᠠᠰᠢᠨ ᠢᠶᠡᠷ ᠢᠶᠡᠨ ᠵᠢᠭᠤᠯᠴᠢᠯᠠᠬᠤ ᠲᠡᠷᠭᠡᠨ ᠤ ᠪᠠᠭ ᠦᠪᠦᠷ ᠮᠣᠩᠭᠣᠯ ᠡᠴᠡ ᠪᠤᠭᠤᠮᠲᠠ ᠳᠠᠪᠠᠪᠠ

2017-07-06 11:18

    ᠰᠢᠨᠬᠤᠸᠠ ᠬᠤᠷᠢᠶ᠎ᠠ  ᠬᠦᠬᠡᠬᠤᠲᠠ ᠶᠢᠨ 7 ᠰᠠᠷ᠎ᠠ ᠶᠢᠨ 5 ᠤ ᠡᠳᠦᠷ ᠤᠨ ᠴᠠᠬᠢᠯᠭᠠᠨ ᠮᠡᠳᠡᠭᠡ ( ᠰᠤᠷᠪᠤᠯᠵᠢᠯᠠᠭᠴᠢ ᠯᠢ ᠶᠦᠨ ᠫᠢᠩ)  ᠳᠤᠮᠳᠠᠳᠤ ᠤᠯᠤᠰ ᠤᠨ ᠮᠢᠩᠭ᠋ᠠᠨ ᠬᠦᠮᠦᠨ ᠤ ᠬᠤᠪᠢ ᠶᠢᠨ ᠮᠰᠢᠨ ᠢᠶᠡᠷ ᠢᠶᠡᠨ ᠤᠷᠤᠰ ᠢᠶᠡᠷ ᠵᠢᠭᠤᠯᠴᠢᠯᠠᠬᠤ ᠲᠡᠷᠭᠡᠨ ᠤ ᠪᠠᠭ 5 ᠤ ᠡᠳᠦᠷ ᠳᠤᠮᠳᠠᠳᠤ ᠤᠷᠤᠰ ᠤᠨ ᠬᠠᠮᠤᠭ ᠤᠨ ᠲᠤᠮᠤ ᠡᠬᠡ ᠬᠠᠭᠤᠷᠠᠢ ᠶᠢᠨ ᠪᠤᠭᠤᠮᠲᠠ -- ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠮᠠᠨᠵᠤᠤᠷ ᠪᠤᠭᠤᠮᠲᠠ ᠶᠢ ᠲᠠᠪᠠᠪᠠ᠃

    ᠲᠤᠬᠠᠢ ᠶᠢᠨ ᠡᠳᠦᠷ᠂ ᠤᠯᠤᠰ ᠤᠨ ᠵᠢᠭᠤᠯᠴᠢᠯᠠᠯ ᠤᠨ ᠲᠤᠪᠴᠢᠶ᠎ᠠ ᠡᠴᠡ ᠰᠠᠨᠠᠭᠠᠴᠢᠯᠠᠭᠰᠠᠨ ᠳᠤᠮᠳᠠᠳᠤ ᠤᠷᠤᠰ ᠤᠨ ᠬᠤᠪᠢᠰᠬᠠᠯᠳᠤ ᠵᠢᠭᠤᠯᠴᠢᠯᠠᠯ ᠤᠨ ᠲᠤᠮᠤ ᠬᠡᠯᠪᠡᠷᠢ ᠶᠢᠨ ᠰᠤᠯᠢᠯᠴᠠᠭᠠᠨ ᠤ ᠠᠵᠢᠯᠯᠠᠭ᠎ᠠ -- ᠮᠢᠩᠭ᠋ᠠᠨ ᠬᠦᠮᠦᠨ ᠤ ᠬᠤᠪᠢ ᠶᠢᠨ ᠮᠠᠰᠢᠨ ᠢᠶᠡᠷ ᠢᠶᠡᠨ ᠤᠷᠤᠰ ᠢᠶᠡᠷ ᠵᠢᠭᠤᠯᠴᠢᠯᠠᠬᠤ ᠪᠤᠭᠤᠮᠲᠠ ᠳᠠᠪᠠᠬᠤ ᠶᠤᠰᠤᠯᠠᠯ ᠮᠠᠨᠵᠤᠤᠷ ᠤᠨ ᠵᠠᠰᠠᠮᠠᠯ ᠵᠠᠮ ᠤᠨ ᠪᠤᠭᠤᠮᠲᠠ ᠳᠤ ᠶᠠᠪᠤᠭᠳᠠᠪᠠ᠃ ᠤᠯᠤᠰ ᠤᠨ ᠵᠢᠭᠤᠯᠴᠢᠯᠠᠯ ᠤᠨ ᠲᠤᠪᠴᠢᠶ ᠠ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠵᠢᠭᠤᠯᠴᠢᠯᠠᠯ ᠤᠨ ᠬᠦᠭ᠍ᠵᠢᠯᠲᠠ ᠶᠢᠨ ᠵᠦᠪᠯᠡᠯ᠂ ᠤᠷᠤᠰ ᠤᠨ ᠪᠠᠶᠢᠭᠠᠯ ᠶᠢᠨ ᠬᠢᠯᠢ ᠬᠢᠵᠠᠭᠠᠷ ᠤᠨ ᠪᠦᠰᠡ ᠨᠤᠲᠤᠭ ᠤᠨ ᠵᠢᠭᠤᠯᠴᠢᠯᠠᠯ ᠤᠨ ᠰᠠᠯᠠᠭ᠎ᠠ ᠮᠦᠴᠢᠷ ᠤᠨ ᠲᠦᠯᠦᠭᠡᠯᠡᠭᠴᠢ ᠬᠠᠮᠲᠤ ᠪᠡᠷ ᠲᠡᠷᠭᠡ ᠬᠦᠳᠡᠯᠬᠦ ᠶᠤᠰᠤᠯᠠᠯ ᠢ ᠲᠡᠮᠳᠡᠭᠯᠡᠪᠡ᠃ ᠪᠡᠭᠡᠵᠢᠩ᠂ ᠦᠪᠦᠷ ᠮᠣᠩᠭᠣᠯ᠂ ᠬᠤᠨᠠᠨ᠂ ᠱᠠᠨᠰᠢ ᠵᠡᠷᠭᠡ ᠪᠦᠰᠡ ᠨᠤᠲᠤᠭ ᠡᠴᠡ ᠬᠦᠷᠦᠯᠴᠡᠨ ᠢᠷᠡᠭᠰᠡᠨ ᠬᠤᠪᠢ ᠶᠢᠨ ᠮᠠᠰᠢᠨ ᠢᠶᠡᠷ ᠢᠶᠡᠨ ᠵᠢᠭᠤᠯᠴᠢᠯᠠᠬᠤ ᠲᠡᠷᠭᠡᠨ ᠤ ᠪᠠᠭ ᠤᠨ ᠬᠢᠨ ᠪᠤᠭᠤᠮᠲᠠ ᠳᠠᠪᠠᠬᠤ ᠶᠤᠰᠤᠯᠠᠯ ᠳᠤ ᠤᠷᠤᠯᠴᠠᠪᠠ᠃

    ᠲᠠᠨᠢᠯᠴᠠᠭᠤᠯᠤᠭᠰᠠᠨ ᠢᠶᠡᠷ᠂ ᠲᠤᠰ ᠤᠳᠠᠭᠠᠨ ᠤ ᠠᠵᠢᠯᠯᠠᠭ᠎ᠠ ᠨᠢ 3 ᠰᠠᠷ᠎᠎ᠠ ᠶᠢᠨ ᠬᠤᠭᠤᠴᠠᠭ᠎ᠠ ᠲᠠᠢ ᠦᠷᠭᠦᠯᠵᠢᠯᠡᠵᠤ᠂ ᠤᠷᠢᠳᠴᠢᠯᠠᠨ ᠲᠤᠭᠠᠴᠠᠭᠠᠯᠠᠭᠰᠠᠨ ᠢᠶᠡᠷ 2 ᠲᠦᠮᠡ ᠭᠠᠷᠤᠢ ᠺᠢᠯᠦᠮᠸᠲ᠋ᠷ ᠠᠶᠠᠯᠠᠵᠤ᠂ ᠡᠴᠤᠰ ᠤᠨ ᠦᠷᠲᠡᠭᠡ ᠨᠢ ᠮᠤᠰᠺᠸᠠ ᠬᠦᠷᠬᠦ ᠪᠤᠯᠤᠨ᠎ᠠ᠃ ᠲᠡᠷᠭᠡᠨ ᠤ ᠪᠠᠭ ᠯᠸᠨᠢᠨ ᠤ ᠤᠩᠭ᠋ᠤᠨ᠂ ᠯᠸᠨᠢᠨ ᠤ ᠰᠠᠭᠤᠴᠠ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠢᠷᠭᠤᠳᠤᠭᠠᠷ ᠤᠳᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠬᠡ ᠬᠤᠷᠠᠯ ᠤᠨ ᠮᠦᠽᠸᠢ᠂ ᠰᠠᠨᠲ ᠫᠸᠲ᠋ᠸᠷᠪᠦ᠋ᠷᠩ Smolny  ᠶ᠋ᠢᠨ ᠲᠡᠤᠬᠡ ᠶᠢᠨ ᠮᠦᠽᠸᠢ᠂ ᠯᠸᠨᠢᠨ ᠤᠨ ᠰᠤᠷᠤᠯᠴᠠᠵᠤ ᠪᠠᠶᠢᠭᠰᠠᠨ ᠺᠠᠽᠠᠨ ᠶᠡᠬᠡ ᠰᠤᠷᠭᠠᠭᠤᠯᠢ ᠵᠡᠷᠭᠡ ᠬᠤᠪᠢᠰᠬᠠᠯᠳᠤ ᠳᠤᠷᠠᠰᠤᠮᠵᠢ ᠦᠵᠡᠮᠵᠢ ᠶᠢᠨ ᠤᠷᠤᠨ ᠢᠶᠡᠷ ᠵᠢᠭᠤᠯᠴᠢᠯᠠᠬᠤ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121274468