蒙古文网站Logo
ᠰᠢᠨᠬᠤᠸᠠ ᠮᠤᠩᠭ᠋ᠤᠯ ᠨᠧᠲ

ᠦᠪᠤᠷ ᠮᠤᠩᠭ᠋ᠤᠯ ᠤᠨ ᠠᠩᠬᠠᠨ ᠤ ᠤᠷᠤᠨ ᠪᠦᠰᠡ ᠠᠯᠤᠰᠯᠠᠭᠰᠠᠨ ᠬᠤᠷᠳᠤᠨ ᠤ ᠭᠠᠯᠳᠤ ᠲᠡᠷᠭᠡ ᠶᠢ ᠲᠤᠷᠰᠢᠨ ᠠᠶᠠᠯᠠᠭᠤᠯᠵᠤ ᠡᠬᠢᠯᠡᠯ᠎ᠡ

2017-07-10 11:57

    7 ᠰᠠᠷ᠎ᠠ ᠶᠢᠨ8 ᠤ ᠡᠳᠤᠷ ᠤᠨ 7᠄37 ᠴᠠᠭ ᠲᠤ C1703 ᠡᠬᠡᠯᠵᠢ ᠶᠢᠨ ᠬᠤᠷᠳᠤᠨ ᠤ ᠭᠠᠯᠳᠤ ᠲᠡᠷᠭᠡ ᠴᠠᠩᠴᠦ᠋ᠨ ᠦᠷᠳᠡᠬᠡ ᠡᠴᠡ ᠤᠯᠠᠭᠠᠨᠬᠤᠳᠠ ᠦᠷᠳᠡᠬᠡ ᠤᠷᠤᠭᠤ ᠴᠢᠭᠯᠡᠪᠡ᠃ ᠢᠩᠭᠢᠬᠡᠳ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠠᠩᠬᠠᠨ ᠤ ᠤᠷᠤᠨ ᠪᠦᠰᠡ ᠠᠯᠤᠰᠯᠠᠭᠰᠠᠨ ᠬᠤᠷᠳᠤᠨ ᠤ ᠭᠠᠯᠳᠤ ᠲᠡᠷᠬᠡ ᠶᠢᠨ ᠠᠶᠠᠯᠠᠯ ᠤᠨ ᠱᠤᠭᠤᠮ -- ᠴᠠᠩᠴᠦ᠋ᠨ- ᠪᠠᠢ ᠴᠧᠩ - ᠤᠯᠠᠭᠠᠨᠬᠤᠳᠠ ᠴᠢᠭᠯᠡᠯ ᠤᠨ ᠬᠤᠷᠳᠤᠨ ᠤ ᠭᠠᠯᠳᠤ ᠲᠡᠷᠭᠡ ᠠᠯᠪᠠᠨ ᠶᠤᠰᠤ ᠪᠡᠷ ᠲᠤᠷᠰᠢᠨ ᠠᠶᠠᠯᠠᠵᠦ ᠡᠬᠢᠯᠡᠪᠡ᠃ ᠴᠠᠩ ᠪᠠᠢ ᠡᠦ ᠲᠡᠮᠦᠷ ᠵᠠᠮ 2014 ᠤᠨ ᠤ 12 ᠰᠠᠷ᠎ᠠ ᠶᠢᠨ 31 ᠤ ᠡᠳᠤᠷ ᠪᠠᠷᠢᠯᠭ᠎ᠠ ᠡᠬᠢᠯᠡᠵᠤ᠂ ᠴᠠᠩᠴᠦ᠋ᠨ ᠡᠴᠡ ᠪᠠᠢ ᠴᠧᠩ᠂ ᠪᠠᠢ ᠴᠧᠩ ᠡᠴᠡ ᠤᠯᠠᠭᠠᠨᠬᠤᠳᠠ  ᠶᠢᠨ ᠤᠤᠯ ᠤᠨ ᠲᠡᠮᠦᠷ ᠵᠠᠮ ᠤᠨ ᠴᠢᠳᠠᠮᠵᠢ ᠶᠢ ᠦᠷᠭᠡᠳᠬᠡᠨ ᠵᠠᠰᠠᠨ ᠰᠠᠶᠢᠵᠢᠷᠠᠭᠤᠯᠤᠭᠰᠠᠨ  ᠪᠦᠭᠡᠳ ᠬᠤᠤᠰ ᠱᠤᠭᠤᠮ ᠤᠨ ᠴᠠᠬᠢᠯᠭᠠᠨ ᠬᠡᠢ ᠶᠢᠨ ᠨᠢᠬᠡᠳᠤᠭᠡᠷ ᠲᠡᠰ ᠤᠨ ᠲᠡᠮᠦᠷ ᠵᠠᠮ ᠳᠤ ᠴᠠᠭ ᠲᠤ 160 ᠺᠢᠯᠤᠮᠧᠲ᠋ᠷ ᠤᠨ ᠬᠤᠷᠳᠤᠴᠠ ᠲᠠᠢ ᠬᠤᠷᠳᠤᠨ ᠤ ᠭᠠᠯᠳᠤ ᠲᠡᠷᠭᠡ ᠲᠤᠬᠢᠷᠠᠭᠤᠯᠵᠠᠢ᠃ ᠴᠠᠩ ᠪᠠᠢ ᠡᠦ ᠲᠡᠮᠦᠷ ᠵᠠᠮ ᠭᠢᠷᠢᠨ ᠮᠤᠵᠢ ᠶᠢᠨ ᠴᠠᠩᠴᠦ᠋ᠨ ᠡᠴᠡ ᠡᠬᠢᠯᠡᠨ᠂ ᠠᠶᠠᠯᠠᠯ ᠲᠠᠭᠠᠤ ᠨᠦᠩ ᠠᠨ ᠰᠢᠶᠠᠨ᠂ ᠰᠦᠩᠶᠤᠸᠠᠨ ᠬᠤᠳᠠ᠂ ᠳ᠋ᠠ ᠠᠨ ᠬᠤᠳᠠ᠂ ᠪᠠᠢ ᠴᠧᠩ ᠬᠤᠳᠠ ᠪᠡᠷ ᠲᠠᠭᠠᠷᠢᠵᠦ᠂ ᠦᠪᠦᠷ ᠮᠤᠩᠭ᠋ᠤᠯ ᠤᠨ ᠤᠯᠠᠭᠠᠨᠬᠤᠳᠠ ᠬᠦᠷᠦᠨ᠎ᠡ᠂ ᠪᠦᠬᠦ ᠵᠠᠮ ᠤᠨ ᠤᠷᠳᠤ ᠨᠢ 412 ᠺᠢᠯᠤᠮᠧᠲ᠋ᠷ᠂ ᠨᠡᠶᠢᠳᠡ 25 ᠦᠷᠳᠡᠬᠡ ᠲᠤᠬᠢᠷᠠᠭᠤᠯᠵᠤ᠂ ᠡᠬᠦᠨ ᠳᠤ ᠠᠶᠠᠨᠴᠢᠨ ᠤ ᠲᠡᠭᠡᠭᠡᠪᠦᠷᠢ ᠶᠢᠨ ᠠᠵᠢᠯ ᠬᠦᠢᠴᠡᠳᠬᠡᠬᠦ ᠦᠷᠳᠡᠭᠡ 17 ᠪᠠᠶᠢᠭᠤᠯᠵᠠᠢ᠃

    ᠴᠠᠩ ᠪᠠᠢ ᠡᠦ ᠲᠡᠮᠦᠷ ᠵᠠᠮ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠠᠩᠬᠠᠨ ᠤ ᠤᠷᠤᠨ ᠪᠦᠰᠡ ᠠᠯᠤᠰᠯᠠᠭᠰᠠᠨ ᠬᠤᠷᠳᠤᠨ ᠤ ᠭᠠᠯᠳᠤ ᠲᠷᠭᠡ ᠪᠤᠯᠤᠭᠰᠠᠨ ᠤ ᠬᠤᠪᠢ ᠳᠤ ᠦᠪᠦᠷ ᠮᠤᠩᠭ᠋ᠤᠯ ᠤᠨ ᠵᠡᠬᠦᠨ ᠬᠡᠰᠡᠭ ᠤᠨ ᠤᠯᠠᠭᠠᠨᠬᠤᠳᠠ᠂ ᠬᠢᠷᠢᠨ ᠤᠨ ᠲᠤᠮᠳᠠ ᠪᠠᠷᠠᠭᠤᠨ ᠬᠡᠰᠡᠭ ᠤᠨ ᠪᠠᠢ ᠴᠧᠩ᠂ ᠰᠦᠩᠶᠤᠸᠠᠨ ᠵᠡᠷᠬᠡ ᠬᠤᠳᠠ ᠪᠡᠷ ᠬᠤᠷᠳᠤᠨ ᠤ ᠭᠠᠯᠳᠤ ᠲᠡᠷᠭᠡᠨ ᠤ ᠴᠠᠭ ᠦᠶ᠎ ᠡ ᠳᠤ ᠤᠷᠤᠵᠤ᠂ ᠢᠷᠭᠡᠳ ᠤᠨ ᠵᠤᠷᠴᠢᠬᠤ ᠭᠡᠷᠡᠭᠴᠡᠭᠡ ᠶᠢ ᠤᠯᠠᠮ ᠰᠠᠶᠢᠨ ᠬᠠᠩᠭ᠋ᠠᠵᠤ᠂ ᠵᠠᠮ ᠲᠠᠭᠠᠤ ᠶᠢᠨ ᠠᠶᠠᠯᠠᠯ ᠵᠢᠭᠤᠯᠴᠢᠯᠠᠯ ᠤᠨ ᠡᠬᠢ ᠪᠠᠶᠠᠯᠢᠭ ᠢ ᠨᠡᠬᠡᠬᠡᠭ᠍ᠳᠡᠬᠦᠯᠬᠦ ᠶᠢ ᠠᠬᠢᠭᠤᠯᠵᠤ᠂ ᠭᠢᠷᠢᠨ᠂ ᠦᠪᠦᠷ ᠮᠤᠩᠭ᠋ᠤᠯ ᠤᠨ ᠡᠳ᠋ ᠤᠨ ᠵᠠᠰᠠᠭ ᠨᠡᠶᠢᠬᠡᠮ ᠤᠨ ᠬᠦᠭ᠍ᠵᠢᠯᠳᠡ ᠳᠤ ᠴᠢᠬᠤᠯᠠ ᠦᠢᠯᠡᠳᠤᠯ ᠦᠵᠡᠬᠦᠯᠦᠨ᠎ᠠ᠃

ᠢᠷᠡᠯᠳᠡ᠄ ᠦᠪᠦᠷ ᠮᠤᠩᠭ᠋ᠤᠯ ᠤᠨ ᠰᠤᠨᠢᠨ ᠮᠡᠳᠡᠬᠡᠨ ᠤ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121293714