蒙古文网站Logo
ᠰᠢᠨᠬᠤᠸᠠ ᠮᠤᠩᠭ᠋ᠤᠯ ᠨᠧᠲ

《 ᠰᠦᠷᠯᠢᠭ᠌ ᠶᠡᠬᠡᠮᠰᠦᠭ ᠦᠪᠦᠷ ᠮᠣᠩᠭᠣᠯ ᠦᠵᠡᠰᠭᠦᠯᠡᠩᠲᠤ ᠰᠠᠶᠢᠬᠠᠨ ᠦᠵᠡᠮᠵᠢ ᠶᠢᠨ ᠤᠷᠤᠨ - ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ》 ᠨᠸᠲ ᠤᠨ ᠭᠤᠤᠯ ᠰᠡᠳᠦᠪᠲᠤ ᠠᠵᠢᠯᠯᠠᠭ᠎ᠠ ᠡᠬᠢᠯᠡᠪᠡ

2017-07-11 17:38

    11 ᠤ ᠡᠳᠦᠷ ᠤᠨ ᠦᠳᠡ ᠶᠢᠨ ᠡᠮᠦᠨ᠎ᠠ᠂《 ᠰᠦᠷᠯᠢᠭ᠌ ᠶᠡᠬᠡᠮᠰᠦᠭ ᠦᠪᠦᠷ ᠮᠣᠩᠭᠣᠯ ᠦᠵᠡᠰᠭᠦᠯᠡᠩᠲᠤ ᠰᠠᠶᠢᠬᠠᠨ ᠦᠵᠡᠮᠵᠢ ᠶᠢᠨ ᠤᠷᠤᠨ - ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ》 ᠨᠸᠲ ᠤᠨ ᠭᠤᠤᠯ ᠰᠡᠳᠦᠪᠲᠤ ᠠᠵᠢᠯᠯᠠᠭ᠎ᠠ ᠬᠦᠬᠡᠬᠤᠲᠠ ᠳᠤ ᠡᠬᠢᠯᠡᠪᠡ᠃ ᠤᠯᠤᠰ ᠳᠠᠶᠠᠭᠠᠷ ᠤᠨ 60 ᠭᠠᠷᠤᠢ ᠨᠸᠲ ᠤᠨ ᠬᠡᠪᠯᠡᠯ ᠮᠡᠳᠡᠭᠡᠯᠡᠯ ᠤᠨ ᠬᠢᠨ ᠦᠪᠦᠷ ᠮᠣᠩᠭᠣᠯ ᠳᠤ ᠬᠤᠷᠠᠨ ᠴᠤᠭᠯᠠᠷᠠᠵᠤ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠡᠬᠡ ᠤᠯᠤᠰ ᠤᠨ ᠢᠶᠡᠨ ᠤᠮᠠᠷᠠᠲᠤ ᠬᠢᠵᠠᠭᠠᠷ ᠤᠨ ᠦᠵᠡᠰᠭᠦᠯᠡᠩᠲᠤ ᠰᠠᠶᠢᠬᠠᠨ ᠦᠵᠡᠮᠵᠢ ᠶᠢᠨ ᠤᠷᠤᠨ ᠢ ᠴᠢᠷᠮᠠᠶᠢᠨ ᠪᠦᠲᠦᠭᠡᠨ ᠪᠠᠶᠢᠭᠤᠯᠬᠤ ᠰᠢᠨ᠎ᠠ ᠠᠷᠭ᠎ᠠ ᠠᠪᠴᠠᠯ᠂ ᠰᠢᠨ᠎ᠠ ᠬᠤᠪᠢᠷᠠᠯᠲᠠ᠂ ᠰᠢᠨ᠎ᠠ ᠳᠦᠷᠢ ᠳᠦᠷᠬᠦ ᠶᠢ ᠬᠠᠮᠲᠤᠪᠠᠷ ᠳᠡᠮᠳᠡᠭᠯᠡᠬᠦ ᠪᠤᠯᠤᠨ᠎ᠠ᠃

    ᠤᠶᠢᠯᠠᠭᠠᠭᠰᠠᠨ ᠢᠶᠡᠷ᠂ 6 ᠡᠳᠦᠷ ᠤᠨ ᠬᠤᠭᠤᠴᠠᠭ᠎᠎ᠠ ᠲᠠᠢ ᠠᠵᠢᠯᠯᠠᠭ᠎ᠠ ᠳᠤ 60 ᠭᠠᠷᠤᠢ ᠲᠦᠪ ᠤᠨ ᠭᠤᠤᠯᠳᠠᠯᠭ᠎ᠠ ᠲᠠᠢ ᠰᠤᠨᠢᠨ ᠮᠡᠳᠡᠭᠡᠨ ᠤ ᠨᠸᠲ᠂ ᠤᠯᠤᠰ ᠳᠠᠶᠠᠭᠠᠷ ᠤᠨ ᠡᠯ᠎ᠠ ᠮᠤᠵᠢ ᠤᠷᠤᠨ ᠬᠤᠲᠠ ᠶᠢᠨ ᠭᠤᠤᠯᠳᠠᠯᠭ᠎ᠠ ᠲᠠᠢ ᠰᠤᠨᠢᠨ ᠮᠡᠳᠡᠭᠡᠨ ᠤ ᠨᠸᠲ ᠪᠤᠯᠤᠨ ᠠᠯᠳᠠᠷᠲᠠᠢ ᠬᠤᠳᠠᠯᠳᠤᠭᠠᠨ ᠤ ᠨᠸᠲ ᠤᠨ ᠬᠡᠪᠯᠡᠯ ᠮᠡᠳᠡᠭᠡᠯᠡᠯ ᠤᠨ ᠬᠢᠨ ᠬᠦᠬᠡᠬᠤᠲᠠ᠂ ᠤᠯᠠᠭᠠᠨᠴᠠᠪ᠂ ᠪᠤᠭᠤᠲᠤ ᠬᠤᠲᠠ ᠪᠤᠯᠤᠨ ᠤᠷᠳᠤᠰ ᠬᠤᠳᠠ ᠶᠢᠨ ᠠᠷᠪᠠ ᠭᠠᠷᠤᠢ ᠬᠤᠰᠢᠭᠤ ᠰᠢᠶᠠᠨ ᠲᠤᠭᠤᠷᠢᠭ ᠢᠶᠡᠷ ᠰᠤᠷᠪᠤᠯᠵᠢᠯᠠᠵᠦ᠂ ᠬᠤᠲᠠ ᠶᠢᠨ ᠵᠡᠭᠡᠯᠢ ᠭᠤᠳᠤᠮᠵᠢ᠂ ᠨᠡᠶᠢᠭᠡᠮ ᠲᠡᠭᠦᠷᠭᠡ᠂ ᠬᠦᠳᠡᠭᠡ ᠤᠷᠤᠨ ᠨᠤᠲᠤᠭ᠂ ᠠᠵᠤ ᠠᠬᠤᠶᠢᠯᠠᠯ ᠤᠨ ᠦᠢᠯᠡᠳᠪᠦᠷᠢᠯᠡᠯ ᠤᠨ ᠲᠠᠰᠤᠭ᠂ ᠡᠯᠡᠰᠦᠨ ᠴᠦᠯ᠂ ᠲᠠᠯ᠎ᠠ ᠨᠤᠲᠤᠭ ᠢᠶᠡᠷ ᠬᠦᠷᠴᠤ᠂ ᠬᠠᠮᠤᠭ ᠤᠨ ᠲᠡᠷᠢᠭᠦᠨ ᠤ ᠢᠨᠲ᠋ᠸᠷᠨ᠋ᠸᠲ ᠤᠯᠠᠮᠵᠢᠯᠠᠭ᠎ᠠ ᠶᠢᠨ ᠮᠡᠷᠭᠡᠵᠢᠯ ᠢᠶᠡᠷ ᠴᠢᠨᠠᠷ ᠴᠢᠨᠰᠠᠭ᠎ᠠ ᠪᠦᠬᠦᠢ ᠮᠡᠳᠡᠭᠡᠯᠡᠯ ᠪᠤᠯᠤᠨ ᠰᠢᠨ᠎ᠠ ᠵᠠᠭᠤᠴᠢᠯᠠᠭᠤᠷ ᠤᠨ ᠪᠦᠲᠦᠭᠡᠭ᠍ᠲᠡᠭᠦᠨ ᠢ ᠲᠠᠨᠢᠯᠴᠠᠭᠤᠯᠬᠤ ᠪᠤᠯᠤᠨ᠎ᠠ᠃ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ 70 ᠵᠢᠯ ᠤᠨ ᠲᠤᠷᠰᠢᠬᠢ ᠡᠳ᠋ ᠤᠨ ᠵᠠᠰᠠᠭ ᠨᠡᠶᠢᠭᠡᠮ ᠤᠨ ᠬᠦᠭ᠍ᠵᠢᠯᠲᠠ ᠶᠢᠨ ᠠᠤᠭ᠎ᠠ ᠠᠮᠵᠢᠯᠲᠠ ᠪᠤᠯᠤᠨ ᠲᠡᠤᠬᠡᠲᠤ ᠴᠢᠨᠠᠷᠲᠠᠢ ᠬᠤᠪᠢᠷᠠᠯᠲᠠ ᠶᠢ ᠲᠡᠮᠳᠡᠭᠯᠡᠨ ᠦᠵᠡᠭᠦᠯᠵᠤ᠂ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠡᠯ᠎ᠠ ᠦᠨᠳᠦᠰᠦᠲᠡᠨ ᠤ ᠺᠠᠳ᠋ᠷ ᠠᠵᠢᠯᠲᠠᠳ ᠤᠨ ᠰᠠᠬᠢᠨ ᠪᠠᠷᠠᠭᠠᠯᠠᠵᠤ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠨ ᠴᠢᠷᠮᠠᠶᠢᠬᠤ᠂ ᠪᠠᠭᠠᠲᠤᠷᠯᠠᠨ ᠳᠠᠪᠰᠢᠬᠤ ᠤᠶᠤᠨ ᠤ ᠲᠦᠷᠢ ᠳᠦᠷᠬᠦ ᠶᠢ ᠮᠡᠳᠡᠭᠡᠯᠡᠨ ᠬᠠᠷᠠᠭᠤᠯᠤᠨ᠎ᠠ᠃

    ᠡᠯ᠎ᠠ ᠨᠸᠲ ᠤᠨ ᠬᠡᠪᠯᠡᠯ ᠮᠡᠳᠡᠭᠡᠯᠡᠯ ᠤᠨ ᠬᠢᠨ ᠦᠪᠡᠷᠰᠡᠳ ᠤᠨ ᠢᠶᠡᠨ ᠤᠯᠠᠮᠵᠢᠯᠠᠬᠤ ᠤᠨᠴᠠᠯᠢᠭ ᠪᠤᠯᠤᠨ ᠳᠠᠪᠠᠭᠤᠯᠢᠭ ᠢᠶᠡᠨ ᠠᠰᠢᠭᠯᠠᠨ ᠦᠪᠦᠷ ᠮᠣᠩᠭᠣᠯ ᠤᠨ ᠦᠯᠢᠭᠡᠷ ᠪᠤᠯᠤᠨ ᠳᠤᠮᠳᠠᠳᠤ ᠶᠢᠨ ᠦᠯᠢᠭᠡᠷ ᠢ ᠰᠠᠶᠢᠨ ᠶᠠᠷᠢᠵᠤ᠂ ᠦᠪᠦᠷ ᠮᠣᠩᠭᠣᠯ ᠤᠨ ᠳᠠᠭᠤᠨ ᠪᠤᠯᠤᠨ ᠳᠤᠮᠳᠠᠳᠤ ᠶᠢᠨ ᠳᠠᠭᠤᠨ ᠢ ᠤᠯᠠᠮᠵᠢᠯᠠᠨ᠎ᠠ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121301854