蒙古文网站Logo
ᠰᠢᠨᠬᠤᠸᠠ ᠮᠤᠩᠭ᠋ᠤᠯ ᠨᠧᠲ

ᠬᠦᠭᠵᠢᠯᠳᠡ ᠶᠢᠨ ᠰᠢᠨ᠎ᠡ ᠤᠷᠤᠨ ᠵᠠᠢ ᠶᠢ ᠳᠡᠯᠡᠵᠤ ᠠᠮᠢᠵᠢᠷᠠᠭᠠᠨ ᠤ ᠰᠢᠨ᠎ᠡ ᠬᠦᠰᠡᠯ ᠢ ᠳᠡᠬᠡᠳᠦᠯᠡᠶ᠎ᠡ - ᠦᠪᠦᠷ ᠮᠤᠩᠭᠤᠯ 《ᠳᠤᠯᠤᠭᠠᠨ ᠰᠦᠯᠵᠢᠶ᠎ᠡ ᠶᠢ ᠵᠡᠷᠬᠡᠪᠡᠷ ᠪᠠᠶᠢᠭᠤᠯᠬᠤ》 ᠠᠵᠢᠯ ᠤᠨ ᠳᠤᠭᠤᠷᠢᠨ ᠳᠤ ᠳᠡᠳ᠋ ᠪᠦᠳᠦᠴᠡ ᠶᠢᠨ ᠪᠠᠳᠤᠯᠠᠭᠠᠨ ᠤ ᠴᠢᠳᠠᠪᠬᠢ ᠶᠢ ᠳᠡᠬᠡᠭᠰᠢᠯᠡᠬᠦᠯᠪᠡ

2017-07-14 17:31

    ᠰᠢᠨᠬᠤᠧᠠ ᠬᠤᠷᠢᠶ᠎ᠠ   ᠬᠦᠬᠡᠬᠤᠳᠠ ᠶᠢᠨ 7 ᠰᠠᠷ᠎ᠠ ᠶᠢᠨ 13 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠳ᠋ᠦᠩ ᠯᠦ᠂ ᠸᠧᠢ ᠵᠢᠩ ᠢᠤᠢ) ᠠᠶᠠᠨ ᠳᠤ ᠭᠠᠷᠬᠤ ᠳᠤ ᠬᠦᠴᠢᠷ ᠠᠰᠠᠭᠤᠳᠠᠯ ᠦᠪᠦᠷ ᠮᠤᠩᠭᠤᠯ ᠤᠨ ᠤᠯᠠᠭᠠᠨᠬᠠᠳᠠ ᠬᠤᠳᠠ ᠶᠢᠨ ᠬᠤᠩᠱᠠᠨ ᠳᠤᠭᠤᠷᠢᠭ ᠤᠨ ᠵᠠᠨ ᠽᠢ ᠭᠧᠤ ᠳᠤᠰᠬᠤᠨ ᠤ ᠢᠷᠬᠡᠨ ᠶᠠᠩ ᠹᠧᠩ ᠱᠠᠨ ᠢ ᠤᠯᠠᠨ ᠵᠢᠯ ᠵᠤᠪᠠᠭᠠᠵᠠᠢ᠃《ᠵᠠᠮ ᠡᠩᠬᠡᠯ ᠳᠤᠩᠬᠤᠯ᠂ ᠳᠤᠰᠬᠤᠨ ᠤ ᠬᠢᠨ ᠭᠠᠷᠴᠤ ᠤᠷᠤᠬᠤ ᠳᠤ ᠬᠡᠴᠡᠬᠦᠦ ᠶᠢ ᠬᠡᠯᠡᠬᠦ ᠦᠬᠡᠢ ᠭᠠᠳᠠᠨᠠᠬᠢ ᠬᠦᠮᠦᠰ ᠪᠦᠷ ᠡᠨᠳᠡ ᠢᠷᠡᠬᠦ ᠳᠤᠷ᠎ᠠ ᠦᠬᠡᠢ ᠪᠠᠶᠢᠳᠠᠭ》ᠬᠡᠵᠤ ᠳᠡᠷᠡ ᠶᠠᠷᠢᠯ᠎ᠠ᠃ ᠨᠢᠳᠤᠨᠤᠨ ᠳᠤᠰᠬᠤᠨ ᠳᠤ ᠠᠦ᠋ᠲ᠋ᠣ᠋ ᠵᠠᠮ ᠨᠡᠪᠳᠡᠷᠡᠭᠰᠡᠨ ᠡᠴᠡ ᠨᠠᠭᠠᠰᠢ ᠬᠠᠷᠢᠨ ᠮᠠᠰᠢ ᠳᠦᠬᠦᠮ ᠪᠤᠯᠵᠤ᠂ ᠳᠤᠰᠬᠤᠨ ᠤ ᠰᠢᠯᠢᠳᠡᠭ ᠴᠢᠨᠠᠷ ᠤᠨ ᠳᠤᠳᠤᠷᠭ᠎ᠠ ᠴᠤ ᠭᠠᠳᠠᠭᠰᠢ ᠪᠤᠷᠤᠯᠠᠭᠤᠯᠤᠭᠳᠠᠬᠤ ᠪᠤᠯᠤᠭᠰᠠᠨ ᠪᠠᠶᠢᠨ᠎ᠠ᠃

    ᠶᠠᠩ ᠹᠧᠩ ᠱᠠᠨ ᠤ ᠠᠮᠢᠳᠤᠷᠠᠯ ᠤᠨ ᠬᠤᠪᠢᠷᠠᠯᠳᠠ ᠦᠪᠡᠷᠳᠡᠬᠡᠨ ᠵᠠᠰᠠᠬᠤ ᠤᠷᠤᠨ ᠡᠴᠡ ᠳᠠᠰᠤᠷᠠᠯᠳᠠ ᠦᠬᠡᠢ ᠳᠡᠬᠦᠯᠳᠡᠷᠵᠢᠬᠦᠯᠵᠤ ᠪᠠᠶᠢᠭ᠎ᠠ ᠵᠠᠮ ᠬᠠᠷᠢᠯᠴᠠᠭᠠᠨ ᠤ ᠳᠡᠬᠡᠬᠡᠪᠦᠷᠢ ᠶᠢᠨ ᠰᠦᠯᠵᠢᠶ᠎ᠡ ᠲᠠᠢ ᠬᠤᠯᠪᠤᠭ᠎ᠠ ᠲᠠᠢ᠃ 2016 ᠤᠨ ᠤ ᠡᠴᠤᠰ ᠪᠤᠯᠳᠠᠯ᠎ᠠ ᠤᠷᠤᠨ ᠲᠠᠶᠠᠭᠠᠷ ᠤᠨ ᠠᠶ᠋ᠲ᠋ᠣ᠋ ᠵᠠᠮ ᠤᠨ ᠪᠦᠬᠦ ᠤᠷᠳᠤ 19 ᠳᠦᠮᠡᠨ ᠺᠢᠯᠤᠮᠧᠲ᠋ᠷ ᠢ ᠳᠠᠪᠠᠵᠤ᠂ 12 ᠠᠶᠢᠮᠠᠭ ᠬᠤᠳᠠ ᠳᠤ ᠴᠦᠮ ᠬᠤᠷᠳᠤᠨ ᠤ ᠠᠦ᠋ᠲ᠋ᠣ᠋ ᠵᠠᠮ ᠨᠡᠪᠳᠡᠷᠡᠨ 97 ᠬᠤᠰᠢᠭᠤ ᠰᠢᠶᠠᠨ ᠬᠤᠷᠳᠤᠨ ᠤ ᠠᠦ᠋ᠲ᠋ᠣ᠋ ᠵᠠᠮ ᠪᠤᠶᠤ ᠨᠢᠬᠡᠳᠦᠬᠡᠷ ᠵᠡᠷᠬᠡᠯᠡᠯ ᠤᠨ ᠠᠦ᠋ᠲ᠋ᠣ᠋ ᠵᠠᠮ ᠲᠠᠢ ᠪᠤᠯᠵᠤ᠂ ᠰᠤᠮᠤ ᠰᠢᠶᠠᠩ ᠪᠠᠯᠭᠠᠰᠤᠨ ᠳᠤ ᠽᠧᠮᠧᠨ᠋ᠲ᠋ᠤᠨ ᠵᠠᠮ ᠲᠠᠢ ᠪᠤᠯᠤᠭᠰᠠᠨ ᠳᠡᠳᠦᠢ ᠦᠬᠡᠢ ᠪᠦᠬᠦᠶᠢᠯᠡ ᠭᠠᠴᠠᠭ᠎ᠠ ᠳᠤᠰᠬᠤᠨ ᠤ 96% ᠳᠤ ᠨᠢ ᠮᠦᠨ ᠽᠧᠮᠧᠨ᠋ᠲ᠋ᠤᠨ ᠵᠠᠮ ᠨᠡᠪᠳᠡᠷᠡᠵᠡᠢ᠃

    ᠦᠪᠦᠷ ᠮᠤᠩᠭᠤᠯ ᠤᠨ ᠠᠦ᠋ᠲ᠋ᠣ᠋ ᠵᠠᠮ ᠬᠤᠳᠠ ᠬᠦᠳᠡᠬᠡ ᠶᠢ ᠬᠤᠯᠪᠤᠭᠰᠠᠨ ᠳᠡᠳᠦᠢ ᠦᠬᠡᠢ ᠭᠤᠪᠢ ᠡᠯᠡᠰᠦᠨ ᠨᠤᠳᠤᠭ ᠤᠷᠤᠭᠤ ᠰᠤᠨᠤᠯᠵᠠᠵᠠᠢ᠃ ᠳᠡᠯᠡᠬᠡᠢ ᠶᠢᠨ ᠬᠠᠮᠤᠭ ᠤᠨ ᠤᠷᠳᠤ ᠡᠯᠡᠰᠦᠨ ᠳ᠋ᠡᠬᠢ ᠬᠤᠷᠳᠤᠨ ᠤ ᠠᠦ᠋ᠲ᠋ᠣ᠋ ᠵᠠᠮ ᠪᠤᠯᠬᠤ 930 ᠺᠢᠯᠤᠮᠧᠲ᠋ᠷ ᠤᠷᠳᠤ ᠲᠠᠢ ᠪᠡᠬᠡᠵᠢᠩ - ᠦᠷᠦᠮᠴᠢ ᠴᠢᠭᠯᠡᠯ ᠤᠨ ᠦᠪᠦᠷ ᠮᠤᠩᠭᠤᠯ ᠳ᠋ᠡᠬᠢ ᠬᠡᠰᠡᠭ ᠨᠢᠬᠡᠨᠳᠡ ᠪᠠᠷᠢᠯᠭ᠎ᠠ ᠳᠠᠭᠤᠰᠴᠤ᠂ 7 ᠰᠠᠷ᠎ᠠ ᠶᠢᠨ 20 ᠡᠴᠡ ᠡᠮᠦᠨ᠎ᠡ ᠠᠰᠢᠭᠯᠠᠯᠳᠠ ᠳᠤ ᠤᠷᠤᠭᠤᠯᠬᠤ ᠪᠡᠷ ᠳᠦᠯᠦᠪᠯᠡᠵᠤ ᠪᠤᠢ᠃ ᠳᠤᠰ ᠴᠢᠭᠯᠡᠯ ᠳ᠋ᠡᠬᠢ ᠠᠯᠠᠱᠠ ᠶᠢᠨ ᠬᠡᠰᠡᠭ ᠤᠨ ᠪᠠᠷᠢᠯᠭ᠎ᠠ ᠶᠢᠨ ᠬᠠᠮᠢᠶᠠᠷᠤᠯᠳᠠ ᠶᠢᠨ ᠠᠯᠪᠠᠨ ᠤ ᠡᠷᠬᠢᠯᠡᠭᠴᠢ ᠳ᠋ᠦ᠋ ᠽᠢ ᠢ᠌᠄《ᠪᠡᠬᠡᠵᠢᠩ - ᠦᠷᠦᠮᠴᠢ ᠴᠢᠭᠯᠡᠯ ᠤᠨ ᠬᠤᠷᠳᠤᠨ ᠤ ᠠᠦ᠋ᠲ᠋ᠣ᠋ ᠵᠠᠮ ᠠᠰᠢᠭᠯᠠᠯᠳᠠ ᠳᠤ ᠤᠷᠤᠭᠰᠠᠨ ᠤ ᠳᠠᠷᠠᠭ᠎ᠠ ᠮᠠᠨ ᠤ ᠤᠯᠤᠰ ᠤᠨ ᠤᠮᠠᠷᠠᠳᠤ ᠡᠴᠡ ᠰᠢᠨᠵᠢᠶᠠᠩ ᠬᠦᠷᠬᠦ ᠬᠠᠮᠤᠭ ᠤᠨ ᠳᠤᠮᠤ ᠬᠤᠩᠬᠢᠯ ᠪᠤᠯᠵᠤ᠂ ᠲᠢᠶᠠᠨᠵᠢᠨ ᠭᠠᠷᠠᠮ ᠡᠴᠡ ᠬᠤᠯᠠᠨᠳ᠋ ᠤᠨ ᠷᠦᠲ᠋ᠧᠷᠳᠠᠮ ᠭᠠᠷᠠᠮ ᠬᠦᠷᠬᠦ ᠬᠠᠮᠤᠭ ᠤᠨ ᠰᠢᠭᠤᠷᠬᠠᠢ ᠵᠠᠮ ᠪᠤᠯᠬᠤ ᠳᠡᠳᠦᠢ ᠦᠬᠡᠢ ᠠᠽᠢᠶ᠎ᠠ ᠡᠧᠦ᠋ᠷᠦᠫᠠ ᠶᠢᠨ ᠡᠬᠡ ᠬᠠᠭᠤᠷᠠᠢ ᠶᠢ ᠬᠤᠯᠪᠤᠬᠤ ᠬᠦᠤᠷ ᠪᠤᠯᠬᠤ ᠶᠤᠮ》 ᠬᠡᠵᠡᠢ᠃

    ᠳᠤᠮᠤ ᠵᠠᠮ ᠬᠠᠷᠢᠯᠴᠠᠭ᠎ᠠ ᠳᠤᠮᠤ ᠬᠦᠭᠵᠢᠯ ᠳᠠᠭᠠᠭᠤᠯᠳᠠᠭ᠃ 2016 ᠤᠨ ᠤ ᠡᠴᠤᠰ ᠪᠤᠯᠳᠠᠯ᠎ᠠ ᠦᠪᠦᠷ ᠮᠤᠩᠭᠤᠯ ᠤᠨ ᠳᠡᠮᠦᠷ ᠵᠠᠮ ᠤᠨ ᠪᠦᠬᠦ ᠤᠷᠳᠤ 1.37 ᠳᠦᠮᠡᠨ ᠺᠢᠯᠤᠮᠧᠲ᠋ᠷ ᠬᠦᠷᠴᠤ᠂ ᠤᠯᠤᠰ ᠲᠠᠶᠠᠭᠠᠷ ᠤᠨ ᠳᠡᠮᠦᠷ ᠵᠠᠮ ᠤᠨ ᠪᠦᠬᠦ ᠤᠷᠳᠤ ᠶᠢᠨ 11% ᠶᠢ ᠡᠵᠡᠯᠡᠨ ᠨᠢᠬᠡᠳᠦᠬᠡᠷ ᠪᠠᠶᠢᠷᠢᠨ ᠳᠤ ᠵᠢᠬᠰᠠᠵᠠᠢ᠃ ᠦᠪᠦᠷ ᠮᠤᠩᠭᠤᠯ ᠤᠨ ᠬᠢᠯᠢ ᠳ᠋ᠡᠬᠢ ᠳᠡᠮᠦᠷ ᠵᠠᠮ ᠤᠨ ᠰᠦᠯᠵᠢᠶ᠎ᠡ 97% ᠬᠤᠪᠢ ᠶᠢᠨ ᠬᠤᠰᠢᠭᠤ ᠰᠢᠶᠠᠨ ᠳᠤ ᠪᠦᠷᠬᠦᠵᠤ᠂ ᠡᠷᠬᠢᠨ ᠳᠤᠭᠤᠷᠢᠨ ᠤ 8 ᠮᠤᠵᠢ ᠶᠢ ᠬᠤᠯᠪᠤᠨ᠂ ᠤᠷᠤᠰ ᠮᠤᠩᠭᠤᠯ ᠤᠷᠤᠭᠤ ᠬᠠᠨᠳᠤᠭᠰᠠᠨ 13 ᠪᠤᠭᠤᠮᠳᠠ ᠡᠴᠡ 5 ᠪᠤᠭᠤᠮᠳᠠ ᠳᠤ ᠨᠢ ᠨᠢᠬᠡᠨᠳᠡ ᠳᠡᠮᠦᠷ ᠵᠠᠮ ᠨᠡᠪᠳᠡᠷᠡᠭᠰᠡᠨ ᠢᠶᠡᠷ 《ᠭᠤᠷᠪᠠᠨ ᠤᠮᠠᠷᠠᠳᠤ》 ᠶᠢ ᠬᠤᠯᠪᠤᠵᠤ᠂ ᠬᠢᠯᠢ ᠳᠤ ᠨᠡᠪᠳᠡᠷᠡᠨ ᠳᠠᠯᠠᠢ ᠳᠤ ᠭᠠᠷᠬᠤ ᠳᠡᠬᠡᠬᠡᠪᠦᠷᠢ ᠶᠢᠨ ᠵᠠᠮ ᠱᠤᠭᠤᠮ ᠪᠤᠯᠤᠨ ᠵᠡᠬᠦᠨ ᠪᠠᠷᠠᠭᠤᠨ ᠢ ᠬᠤᠯᠪᠤᠭᠰᠠᠨ ᠴᠢᠬᠤᠯᠠ ᠵᠠᠮ ᠱᠤᠭᠤᠮ ᠠᠩᠬ᠎ᠠ ᠠᠯᠬᠤᠮ ᠪᠦᠷᠢᠯᠳᠦᠵᠡᠢ᠃

    ᠳᠦᠷᠪᠡᠨ ᠵᠦᠭ ᠨᠠᠶ᠋ᠮᠠᠨ ᠵᠤᠪᠬᠢᠰ ᠢ ᠬᠤᠯᠪᠤᠭᠰᠠᠨ ᠳᠡᠮᠦᠷ ᠵᠠᠮ ᠳᠠᠭᠠᠤ ᠦᠪᠦᠷ ᠮᠤᠩᠭᠤᠯ ᠳᠤ ᠦᠢᠯᠡᠳᠪᠦᠷᠢᠯᠡᠭᠰᠡᠨ ᠬᠤᠳᠠᠯᠳᠤᠭᠠᠨ ᠤ ᠵᠤᠷᠢᠭᠤᠯᠤᠯᠳᠠ ᠲᠠᠢ ᠮᠠᠰᠢᠨ ᠨᠤᠭᠤᠳ ᠤᠷᠳᠤᠰ ᠬᠤᠳᠠ ᠡᠴᠡ ᠲᠢᠶᠠᠨᠵᠢᠨ ᠭᠠᠷᠠᠮ ᠤᠷᠤᠭᠤ ᠵᠦᠬᠡᠬᠡᠪᠦᠷᠢᠯᠡᠭᠳᠡᠵᠤ᠂ ᠳᠡᠨᠳᠡ ᠡᠴᠡ ᠬᠦᠯᠬᠡ ᠤᠩᠭᠤᠴᠠᠨ ᠳᠤ ᠳᠡᠬᠡᠬᠡᠪᠦᠷᠢᠯᠡᠭᠳᠡᠨ ᠴᠢᠯᠢ ᠳᠤ ᠬᠦᠷᠴᠤ ᠪᠤᠷᠤᠯᠠᠭᠤᠯᠤᠭᠳᠠᠬᠤ ᠪᠤᠯᠤᠯ᠎ᠠ᠃ 《ᠠᠦ᠋ᠲ᠋ᠣ᠋ ᠵᠠᠮ ᠲᠠᠢ ᠬᠠᠷᠢᠴᠠᠭᠤᠯᠪᠠᠯ ᠳᠡᠮᠦᠷ ᠵᠠᠮ ᠤᠨ ᠳᠡᠬᠡᠬᠡᠪᠦᠷᠢ ᠨᠢ ᠤᠯᠠᠮ ᠰᠢᠭᠤᠷᠬᠠᠢ᠂ ᠳᠡᠬᠡᠬᠡᠪᠦᠷᠢ ᠶᠢᠨ ᠵᠠᠷᠤᠳᠠᠯ ᠳᠤ 10% ᠶᠢᠨ ᠬᠡᠮᠨᠡᠯ ᠲᠠᠢ᠂ ᠮᠦᠨ ᠶᠡᠬᠡ ᠬᠡᠮᠵᠢᠶ᠎ᠡ ᠪᠡᠷ ᠳᠡᠬᠡᠬᠡᠪᠦᠷᠢᠯᠡᠵᠤ ᠴᠢᠳᠠᠬᠤ ᠪᠤᠯᠬᠤᠷ ᠬᠦᠮᠦᠰ ᠤᠨ ᠬᠡᠷᠡᠭᠴᠡᠬᠡ ᠱᠠᠭᠠᠷᠳᠠᠯᠭ᠎ᠠ ᠶᠢ ᠪᠦᠬᠦ ᠳᠠᠯ᠎ᠠ ᠪᠡᠷ ᠬᠠᠩᠭᠠᠵᠤ ᠴᠢᠳᠠᠨ᠎ᠠ》 ᠬᠡᠵᠤ ᠴᠢ ᠷᠦᠢ ᠮᠠᠰᠢᠨ ᠤ ᠤᠷᠳᠤᠰ ᠲᠡᠬᠢ ᠬᠤᠪᠢᠶᠠᠷᠢ ᠺᠤᠮᠫᠠᠨᠢ ᠶᠢᠨ ᠳᠡᠬᠡᠬᠡᠪᠦᠷᠢ ᠶᠢᠨ ᠬᠡᠯᠳᠡᠰ ᠤᠨ ᠳᠠᠷᠤᠭ᠎ᠠ ᠰᠢᠤᠢ ᠴᠢᠦ ᠱᠧᠩ ᠳᠠᠨᠢᠯᠴᠠᠭᠤᠯᠤᠯ᠎ᠠ᠃ ᠴᠢ ᠷᠦᠢ ᠮᠠᠰᠢᠨ ᠤ ᠺᠤᠮᠫᠠᠨᠢ ᠨᠢ ᠳᠡᠮᠦᠷ ᠵᠠᠮ ᠤᠨ ᠳᠡᠬᠡᠬᠡᠪᠦᠷᠢ ᠶᠢᠨ ᠳᠠᠪᠠᠭᠤᠯᠢᠭ ᠲᠠᠭᠠᠨ ᠳᠦᠰᠢᠭᠯᠡᠨ ᠳ᠋ᠦᠩᠱᠧᠩ ᠪᠠᠷᠠᠭᠤᠨ ᠦᠷᠳᠡᠬᠡ ᠡᠴᠡ 3 ᠺᠢᠯᠤᠮᠧᠲ᠋ᠷ ᠵᠠᠶᠢᠳᠠᠢ ᠭᠠᠵᠠᠷ ᠲᠤ ᠳᠦᠬᠦᠬᠡᠷᠦᠮᠵᠢ ᠤᠬᠰᠠᠷᠬᠤ ᠰᠠᠭᠤᠷᠢᠨ ᠪᠠᠶᠢᠭᠤᠯᠵᠠᠢ᠃ ᠬᠦᠬᠡᠬᠤᠳᠠ ᠶᠢᠨ ᠳᠡᠮᠦᠷ ᠵᠠᠮ ᠤᠨ ᠳᠤᠪᠴᠢᠶ᠎ᠠ ᠨᠢ ᠳ᠋ᠦᠩᠱᠧᠩ ᠪᠠᠷᠠᠭᠤᠨ ᠦᠷᠳᠡᠬᠡ ᠡᠴᠡ ᠮᠠᠰᠢᠨ ᠳᠡᠬᠡᠬᠡᠪᠦᠷᠢᠯᠡᠬᠦ ᠳᠤᠰᠬᠠᠢ ᠭᠠᠯᠳᠤ ᠳᠡᠷᠬᠡ ᠳᠤᠬᠢᠷᠠᠭᠤᠯᠪᠠ᠃ ᠳᠦᠰᠦᠬᠡᠯᠡᠵᠤ ᠪᠠᠶᠢᠭ᠎ᠠ ᠪᠡᠷ᠂ ᠡᠨᠡ ᠵᠢᠯ ᠳᠡᠮᠦᠷ ᠵᠠᠮ ᠢᠶᠡᠷ ᠳᠡᠬᠡᠬᠡᠪᠦᠷᠢᠯᠡᠬᠦ ᠴᠢ ᠷᠦᠢ ᠮᠠᠰᠢᠨ 3.6 ᠳᠦᠮᠡ ᠬᠦᠷᠬᠦ ᠶᠤᠮ ᠪᠠᠶᠢᠨ᠎ᠠ᠃

    ᠳᠡᠮᠦᠷ ᠵᠠᠮ ᠤᠨ ᠰᠦᠯᠵᠢᠶ᠎ᠠ ᠶᠢᠨ ᠳᠠᠰᠤᠷᠠᠯᠳᠠ ᠦᠬᠡᠢ ᠳᠡᠬᠦᠯᠳᠡᠷᠵᠢᠯᠳᠡ ᠨᠢ ᠳᠠᠯ᠎ᠠ ᠨᠤᠳᠤᠭ ᠤᠨ ᠳᠡᠮᠦᠷ ᠵᠠᠮ ᠤᠨ ᠬᠠᠮᠤᠭ ᠤᠨ ᠰᠢᠨ᠎ᠡ ᠬᠤᠷᠳᠤ ᠶᠢ ᠡᠬᠦᠳᠴᠠᠢ᠃ 5 ᠰᠠᠷ᠎ᠠ ᠶᠢᠨ 7 ᠤ ᠡᠳᠦᠷ ᠳᠤᠷᠰᠢᠨ ᠠᠶᠠᠯᠠᠭᠰᠠᠨ ᠨᠢᠬᠡᠨ ᠬᠤᠷᠳᠤᠨ ᠤ ᠭᠠᠯᠳᠤ ᠳᠡᠷᠬᠡ 275 ᠺᠢᠯᠤᠮᠧᠲ᠋ᠷ ᠤᠨ ᠴᠠᠭ ᠤᠨ ᠬᠤᠷᠳᠤᠴᠠ ᠪᠡᠷ ᠬᠦᠬᠡᠬᠤᠳᠠ ᠶᠢᠨ ᠵᠡᠬᠦᠨ ᠦᠷᠳᠡᠬᠡ ᠡᠴᠡ ᠮᠤᠷᠳᠠᠵᠤ ᠤᠯᠠᠭᠠᠨᠴᠠᠪ ᠤᠨ ᠦᠷᠳᠡᠬᠡ ᠶᠢ ᠴᠢᠭᠯᠡᠭᠰᠡᠨ ᠢᠶᠡᠷ ᠳᠠᠯ᠎ᠠ ᠨᠤᠳᠤᠭ ᠤᠨ ᠳᠡᠮᠦᠷ ᠵᠠᠮ ᠤᠨ ᠵᠠᠭᠤᠨ ᠵᠢᠯ ᠤᠨ ᠳᠤᠷᠰᠢᠬᠢ ᠠᠩᠬᠠᠨ ᠤ ᠬᠤᠷᠳᠤ ᠶᠢ ᠡᠬᠦᠳᠪᠡ᠃ ᠦᠪᠦᠷ ᠮᠤᠩᠭᠤᠯ ᠤᠨ ᠠᠩᠬᠠᠨ ᠤ ᠬᠤᠷᠳᠤᠨ ᠤ ᠳᠡᠮᠦᠷ ᠵᠠᠮ ᠪᠤᠯᠬᠤ ᠴᠢᠭᠤᠯᠤᠯᠳᠤ ᠬᠠᠭᠠᠯᠭ᠎ᠠ - ᠬᠦᠬᠡᠬᠤᠳᠠ ᠴᠢᠭᠯᠡᠯ ᠤᠨ ᠵᠤᠷᠴᠢᠭᠴᠢ ᠶᠢᠨ ᠳᠤᠰᠬᠠᠢ ᠱᠤᠭᠤᠮ ᠳᠤᠷᠰᠢᠨ ᠠᠶᠠᠯᠠᠬᠤ ᠱᠠᠳᠤᠨ ᠳᠤ ᠤᠷᠤᠪᠠ᠃ ᠳᠤᠰ ᠳᠡᠮᠦᠷ ᠵᠠᠮ 2018 ᠤᠨ ᠳᠤ ᠪᠦᠬᠦ ᠳᠠᠯ᠎ᠠ ᠪᠡᠷ ᠠᠰᠢᠭᠯᠠᠯᠳᠠ ᠳᠤ ᠤᠷᠤᠵᠤ᠂ ᠤᠳᠤ ᠪᠡᠷ ᠪᠠᠶᠢᠭᠤᠯᠵᠤ ᠪᠠᠶᠢᠭ᠎ᠠ ᠪᠡᠬᠡᠵᠢᠩ - ᠴᠢᠭᠤᠯᠤᠯᠳᠤ ᠬᠠᠭᠠᠯᠭ᠎ᠠ ᠴᠢᠭᠯᠡᠯ ᠤᠨ ᠬᠤᠷᠳᠤᠨ ᠤ ᠳᠡᠮᠦᠷ ᠵᠠᠮ ᠲᠠᠢ ᠵᠠᠯᠭᠠᠬᠤ ᠪᠤᠯᠤᠨ᠎ᠠ᠃ ᠬᠦᠬᠡᠬᠤᠳᠠ ᠡᠴᠡ ᠪᠡᠬᠡᠵᠢᠩ ᠬᠦᠷᠬᠦ ᠳᠤ 9 ᠴᠠᠭ ᠠᠶᠠᠯᠠᠳᠠᠭ ᠪᠠᠶᠢᠭᠰᠠᠨ ᠢᠶᠡᠨ ᠳᠤᠬᠠᠢ ᠶᠢᠨ ᠦᠶ᠎ᠡ ᠳᠤ 3 ᠴᠠᠭ ᠠᠶᠠᠯᠠᠬᠤ ᠪᠤᠯᠵᠤ᠂ ᠪᠡᠬᠡᠵᠢᠩ ᠲᠢᠶᠠᠨᠵᠢᠨ ᠡᠾᠧᠪᠧᠢ ᠶᠢᠨ ᠵᠢᠭᠤᠯᠴᠢᠳ ᠦᠪᠦᠷ ᠮᠤᠩᠭᠤᠯ ᠳᠤ ᠨᠢᠬᠡ ᠡᠳᠦᠷ ᠤᠨ ᠵᠢᠭᠤᠯᠴᠢᠯᠠᠯ ᠬᠢᠵᠤ ᠪᠤᠯᠬᠤ ᠪᠤᠯᠤᠨ᠎ᠠ᠃

    ᠠᠦ᠋ᠲ᠋ᠣ᠋ ᠵᠠᠮ ᠤᠨ ᠰᠦᠯᠵᠢᠶ᠎ᠡ᠂ ᠳᠡᠮᠦᠷ ᠵᠠᠮ ᠤᠨ ᠰᠦᠯᠵᠢᠶ᠎ᠡ ᠡᠴᠡ ᠭᠠᠳᠠᠨ᠎ᠠ ᠦᠪᠦᠷ ᠮᠤᠩᠭᠤᠯ ᠨᠢ ᠪᠠᠰᠠ ᠠᠭᠠᠷ ᠠᠶᠠᠯᠠᠯ᠂ ᠤᠰᠤᠨ ᠠᠰᠢᠭᠯᠠᠯᠳᠠ᠂ ᠬᠤᠳᠠ ᠶᠢᠨ ᠵᠠᠬᠢᠷᠭ᠎ᠠ᠂ ᠡᠷᠴᠢᠮ ᠬᠦᠴᠦ᠂ ᠴᠢᠮᠡᠬᠡ ᠨᠡᠪᠳᠡᠷᠡᠯᠬᠡ ᠶᠢᠨ ᠰᠦᠯᠵᠢᠶ᠎ᠡ ᠶᠢ ᠶᠡᠬᠡᠪᠡᠷ ᠬᠦᠭᠵᠢᠬᠦᠯᠵᠤ ᠳᠤᠯᠤᠭᠠᠨ ᠳᠤᠮᠤ ᠰᠦᠯᠵᠢᠶᠡᠨ ᠤ ᠰᠢᠰᠲ᠋ᠧᠮ ᠢ ᠵᠡᠷᠬᠡᠪᠡᠷ ᠪᠠᠶᠢᠭᠤᠯᠬᠤ ᠳᠦᠰᠦᠯ ᠬᠡᠷᠡᠭᠵᠢᠬᠦᠯᠵᠤ ᠡᠬᠢᠯᠡᠭᠰᠡᠨ ᠪᠠᠶᠢᠨ᠎ᠠ᠃

    ᠬᠦᠳᠡᠬᠡ ᠤᠷᠤᠨ ᠨᠤᠳᠤᠭ ᠤᠨ ᠳᠠᠷᠢᠶᠠᠯᠠᠩ ᠦᠢᠯᠡᠰ ᠤᠨ ᠤᠰᠤᠨ ᠠᠰᠢᠭᠯᠠᠯᠳᠠ᠂ ᠬᠤᠳᠠ ᠶᠢᠨ ᠦᠶᠡᠷ ᠰᠡᠷᠬᠡᠶᠢᠯᠡᠯᠳᠡ᠂ ᠤᠤᠭᠤᠬᠤ ᠤᠰᠤᠨ ᠤ ᠠᠶᠤᠯᠬᠦᠢ ᠵᠡᠷᠬᠡ ᠢᠷᠬᠡᠳ ᠤᠨ ᠠᠮᠢᠵᠢᠷᠠᠭᠠᠨ ᠤ ᠳᠦᠰᠦᠯ ᠤᠨ ᠪᠠᠶᠢᠭᠤᠯᠤᠯᠳᠠ ᠨᠢ ᠬᠤᠳᠠ ᠰᠢᠶᠠᠩ ᠤᠨ ᠤᠰᠤᠨ ᠤ ᠬᠠᠩᠭᠠᠯᠭ᠎ᠠ᠂ ᠦᠶᠡᠷ ᠤᠨ ᠰᠡᠷᠬᠡᠶᠢᠯᠡᠯᠳᠡ᠂ ᠦᠨᠳᠦᠷ ᠦᠷ᠎ᠡ ᠠᠰᠢᠭ ᠲᠠᠢ ᠤᠰᠤ ᠬᠡᠮᠨᠡᠯᠳᠡ᠂ ᠤᠰᠤᠨ ᠤ ᠡᠺᠤᠯᠤᠬᠢ ᠤᠷᠴᠢᠨ ᠬᠢᠬᠡᠳ ᠤᠳᠤᠬᠢᠴᠢᠯᠠᠭᠰᠠᠨ ᠬᠠᠮᠢᠶᠠᠷᠤᠯᠳᠠ ᠶᠢᠨ ᠤᠯᠠᠨ ᠴᠢᠳᠠᠪᠬᠢ ᠲᠠᠢ ᠤᠰᠤᠨ ᠠᠰᠢᠭᠯᠠᠯᠳᠠ ᠶᠢᠨ ᠰᠢᠰᠲ᠋ᠧᠮ ᠢ ᠪᠤᠢ ᠪᠤᠯᠭᠠᠵᠤ᠂ ᠤᠷᠤᠨ ᠲᠠᠶᠠᠭᠠᠷ ᠤᠨ ᠤᠰᠤ ᠳᠤᠳᠠᠭᠳᠠᠵᠤ ᠪᠠᠶᠢᠭ᠎ᠠ ᠬᠤᠳᠠ ᠶᠢᠨ ᠤᠰᠤᠨ ᠤ ᠳᠠᠬᠢᠨ ᠠᠰᠢᠭᠯᠠᠯᠳᠠ ᠶᠢᠨ ᠨᠤᠷᠮ᠎ᠠ ᠶᠢ 20% ᠡᠴᠡ ᠳᠡᠬᠡᠭᠰᠢ ᠪᠤᠯᠭᠠᠭᠰᠠᠨ ᠪᠠᠶᠢᠨ᠎ᠠ᠃

    500 ᠺᠢᠯᠦᠸᠤᠯᠲ ᠤᠨ ᠴᠠᠬᠢᠯᠭᠠᠨ ᠭᠠᠳᠠᠭᠰᠠᠢ ᠬᠦᠷᠭᠡᠬᠦ ᠰᠤᠪᠠᠭ 11 ᠪᠠᠶᠢᠭᠤᠯᠵᠤ᠂ ᠭᠠᠳᠠᠭᠰᠢ ᠬᠦᠷᠭᠡᠬᠦ ᠴᠠᠬᠢᠯᠭᠠᠨ ᠬᠦᠴᠦᠨ 2600 ᠲᠦᠮᠡᠨ ᠺᠢᠯᠦᠸᠤᠯᠲ ᠨᠡᠮᠡᠭᠳᠡᠪᠠ᠃ ᠲᠤᠰᠤ ᠪᠤᠯᠤᠨ ᠭᠠᠰ ᠳᠠᠮᠵᠢᠭᠤᠯᠬᠤ ᠰᠤᠪᠠᠭ ᠨᠡᠮᠡᠭᠳᠡᠭᠡᠳ 29 ᠪᠤᠯᠵᠤ᠂ ᠤᠷᠤᠨ ᠤ ᠳᠤᠲᠤᠭᠠᠳᠤ ᠳ᠋ᠡᠬᠢ ᠰᠤᠪᠠᠭ ᠤᠨ ᠤᠷᠳᠤ 5059 ᠺᠢᠯᠦᠮᠧᠲ᠋ᠷ ᠲᠤ ᠬᠦᠷᠴᠠᠢ᠃ 2016 ᠤᠨ ᠳᠤ᠂ ᠦᠪᠦᠷ ᠮᠣᠩᠭᠣᠯ ᠤᠨ ᠭᠠᠳᠠᠭᠰᠢ ᠬᠦᠷᠭᠡᠭ᠍ᠰᠡᠨ ᠴᠠᠬᠢᠯᠭᠠᠨ ᠤ ᠬᠡᠮᠵᠢᠶ᠎ᠠ 1357 ᠳ᠋ᠦᠩᠰᠢᠭᠤᠷ ᠺᠢᠯᠦᠸᠤᠯᠲ ᠴᠠᠭ ᠲᠤ ᠬᠦᠷᠴᠤ᠂ ᠭᠠᠳᠠᠭᠰᠢ ᠬᠦᠷᠭᠡᠬᠦ ᠴᠢᠳᠠᠪᠬᠢ ᠪᠤᠯᠤᠨ ᠴᠠᠬᠢᠯᠭᠠᠨ ᠭᠠᠷᠭᠠᠬᠤ ᠬᠡᠮᠵᠢᠶ᠎ᠠ ᠴᠦᠮ ᠤᠯᠤᠰ ᠳᠠᠶᠠᠭᠠᠷ ᠤᠨ ᠲᠡᠷᠢᠭᠦᠨ ᠪᠠᠶᠢᠷᠢᠨ ᠳᠤ ᠳᠤᠳᠤᠷᠠᠵᠠᠢ᠃

    ᠤᠳᠤᠬᠠᠨ ᠳᠤ᠂ ᠦᠪᠦᠷ ᠮᠣᠩᠭᠣᠯ ᠤᠨ ᠮᠠᠯᠴᠢᠳ ᠰᠠᠯᠬᠢ ᠪᠤᠷᠤᠭᠠᠨ ᠳᠤ ᠬᠡᠬᠡᠷ᠎ᠡ ᠶᠠᠪᠤᠵᠤ ᠮᠠᠯ ᠬᠠᠷᠢᠭᠤᠯᠬᠤ ᠪᠡᠨ ᠪᠤᠯᠢᠭᠠᠳ ᠭᠡᠷ ᠲᠤ ᠪᠡᠨ ᠰᠠᠭᠤᠭᠠᠳ ᠭᠠᠷ ᠤᠲᠠᠰᠤ ᠪᠤᠶᠤ ᠺᠤᠮᠫᠢᠦ᠋ᠲ᠋ᠧᠷ ᠢᠶᠡᠷ ᠢᠶᠡᠨ ᠬᠡᠲᠤᠨ ᠺᠢᠯᠦᠮᠧᠲ᠋ᠷ ᠤᠨ ᠵᠠᠶᠢᠲᠠᠢ ᠬᠤᠨᠢᠨ ᠰᠦᠷᠦᠭ ᠢᠶᠡᠨ ᠬᠢᠨᠠᠨ ᠦᠵᠡᠵᠤ ᠴᠢᠳᠠᠬᠤ ᠪᠤᠯᠪᠠ᠃ ᠤᠷᠤᠨ ᠳᠠᠶᠠᠭᠠᠷ ᠢ ᠪᠦᠷᠬᠦᠭ᠍ᠰᠡᠨ ᠴᠢᠮᠡᠬᠡ ᠨᠡᠪᠳᠡᠷᠡᠯᠬᠡ ᠶᠢᠨ ᠰᠦᠯᠵᠢᠶ᠎ᠠ ᠨᠢ ᠦᠪᠦᠷ ᠮᠣᠩᠭᠣᠯ ᠢ《ᠲᠤᠰᠬᠤᠨ ᠪᠦᠷᠢ ᠳᠤ ᠤᠳᠠᠰᠤ ᠨᠡᠪᠲᠡᠷᠡᠳᠡᠭ》ᠪᠠᠶᠢᠭᠰᠠᠨ ᠡᠴᠡ《ᠰᠢᠶᠠᠩ ᠪᠤᠯᠭᠠᠨ ᠳᠤ ᠢᠨᠲ᠋ᠧᠷᠨᠧᠲ ᠨᠡᠪᠳᠡᠷᠡᠭᠰᠡᠨ》ᠪᠠᠶᠢᠳᠠᠯ ᠳᠤ ᠬᠦᠷᠭᠡᠵᠤ ᠳᠠᠬᠢᠨ《ᠦᠷᠭᠡᠨ ᠵᠤᠷᠪᠤᠰᠲᠤ ᠦᠪᠦᠷ ᠮᠣᠩᠭᠣᠯ》 ᠤᠨ ᠬᠡᠮᠵᠢᠶᠠᠨ ᠳᠤ ᠬᠦᠷᠭᠡᠨ ᠮᠠᠯᠴᠢᠳ ᠤᠨ ᠠᠮᠢᠳᠤᠷᠠᠯ ᠢ ᠤᠯᠠᠮ ᠢᠶᠡᠷ ᠤᠳᠤᠬᠢᠴᠢᠯᠠᠵᠠᠢ᠃

    ᠲᠠᠯ᠎ᠠ ᠨᠤᠲᠤᠭ ᠤᠨ ᠦᠷᠦᠴᠡᠨ ᠳᠤ ᠢᠨᠲ᠋ᠧᠷᠨᠧᠲ  ᠲᠠᠢ ᠪᠤᠯᠵᠤ ᠠᠦ᠋ᠲ᠋ᠣ᠋ ᠵᠠᠮ ᠨᠡᠪᠲᠡᠷᠡᠭᠰᠡᠨ ᠳᠡᠳᠦᠢ ᠦᠬᠡᠢ ᠤᠳᠠᠬᠤ ᠦᠭᠡᠢ ᠲᠡᠮᠦᠷ ᠵᠠᠮ ᠲᠠᠪᠢᠰᠴᠤ᠂ ᠨᠢᠰᠬᠦ ᠤᠩᠭᠤᠴᠠᠨ ᠤ ᠪᠠᠭᠤᠳᠠᠯ ᠪᠠᠶᠢᠭᠤᠯᠬᠤ ᠪᠤᠯᠤᠨ᠎ᠠ᠃ ᠲᠤᠯᠤᠭᠠᠨ ᠰᠦᠯᠵᠢᠶ᠎ᠡ ᠶᠢ ᠵᠡᠷᠭᠡᠪᠡᠷ ᠪᠠᠶᠢᠭᠤᠯᠬᠤ ᠬᠦᠴᠦᠷᠭᠡᠭ ᠰᠠᠭᠤᠷᠢ᠂ 《ᠲᠤᠯᠤᠭᠠᠨ ᠰᠦᠯᠵᠢᠶ᠎ᠡ ᠶᠢ ᠵᠡᠷᠭᠡᠪᠡᠷ ᠪᠠᠶᠢᠭᠤᠯᠬᠤ》 ᠨᠢ ᠢᠷᠭᠡᠳ ᠤᠨ ᠠᠮᠢᠵᠢᠷᠠᠭᠠᠨ ᠤ ᠬᠦᠰᠡᠯ ᠡᠷᠡᠮᠡᠯᠵᠡᠯ ᠢ ᠢᠯᠡᠷᠡᠬᠦᠯᠦᠭᠰᠡᠨ ᠳᠡᠳᠦᠢ ᠦᠭᠡᠢ᠂ ᠦᠪᠦᠷ ᠮᠣᠩᠭᠣᠯ ᠤᠨ ᠴᠤ᠋ ᠰᠢᠨ᠎ᠠ ᠬᠦᠭ᠍ᠵᠢᠯᠲᠠ ᠶᠢᠨ ᠤᠷᠤᠨ ᠵᠠᠢ ᠶᠢ ᠳᠡᠯᠡᠭᠰᠡᠨ ᠤᠴᠢᠷ ᠪᠤᠯᠬᠤ ᠶᠤᠮ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121321753