蒙古文网站Logo
ᠰᠢᠨᠬᠤᠸᠠ ᠮᠤᠩᠭ᠋ᠤᠯ ᠨᠧᠲ

ᠥᠨᠥᠳᠦᠷ ᠡᠴᠡ ᠬᠤᠷᠳᠤᠨ ᠤ ᠭᠠᠯᠳᠤ ᠳᠡᠷᠬᠡᠨ ᠳᠡᠬᠡᠷ᠎ᠡ ᠢᠨᠲ᠋ᠧᠷᠨᠧᠲ ᠢᠶᠡᠷ ᠬᠤᠭᠤᠯᠠ ᠵᠠᠬᠢᠶᠠᠯᠠᠵᠤ ᠪᠤᠯᠤᠨ᠎ᠠ

2017-07-17 17:29

    ᠥᠨᠥᠳᠦᠷ ᠡᠴᠡ᠂ ᠬᠤᠷᠳᠤᠨ ᠤ ᠭᠠᠯᠳᠤ ᠳᠡᠷᠬᠡᠨ ᠳᠤ ᠰᠠᠭᠤᠨ ᠵᠤᠷᠴᠢᠬᠴᠢ 12306 ᠠᠯᠪᠠᠨ ᠤ ᠨᠧᠲ ᠪᠤᠶᠤ ᠭᠠᠷ ᠤᠳᠠᠰᠤᠨ APP ᠪᠡᠷ ᠬᠤᠭᠤᠯᠠ ᠵᠠᠬᠢᠶᠠᠯᠠᠵᠤ ᠪᠤᠯᠬᠤ ᠪᠤᠯᠤᠯ᠎ᠠ᠃ ᠠᠩᠬᠠᠷᠬᠤ ᠴᠢᠬᠤᠯᠠᠲᠠᠢ ᠨᠢ᠂ ᠵᠤᠷᠴᠢᠬᠴᠢ ᠵᠠᠬᠢᠶᠠᠯᠠᠬᠤ ᠬᠤᠭᠤᠯᠠ ᠪᠠᠨ ᠲᠡᠷᠭᠡ ᠬᠦᠳᠡᠯᠬᠦ ᠡᠴᠡ ᠬᠤᠶᠠᠷ ᠤᠨ ᠴᠠᠭ ᠤᠨ ᠡᠮᠦᠨ᠎ᠠ ᠵᠠᠬᠢᠶᠠᠯᠠᠬᠰᠠᠨ ᠪᠠᠶᠢᠬᠤ ᠬᠡᠷᠡᠭᠲᠠᠢ᠂ ᠲᠦᠷ ᠭᠠᠳᠠᠬᠰᠢ ᠭᠠᠷᠬᠤ ᠪᠡᠷ ᠰᠢᠢᠳᠤᠭ᠍ᠰᠠᠨ ᠵᠤᠷᠴᠢᠭᠴᠢᠳ ᠲᠤ ᠠᠪᠴᠤ ᠬᠡᠯᠡᠪᠡᠯ ᠢᠨᠲ᠋ᠧᠷᠨᠧᠲ ᠢᠶᠡᠷ ᠬᠤᠭᠤᠯᠠ ᠵᠠᠬᠢᠶᠠᠯᠠᠬᠤ ᠨᠢ ᠪᠡᠷᠭᠡᠲᠠᠢ᠃

    ᠰᠤᠷᠪᠤᠯᠵᠢᠯᠠᠭᠴᠢ ᠤᠯᠤᠰ ᠤᠨ ᠳᠡᠮᠦᠷ ᠵᠠᠮ ᠤᠨ ᠶᠡᠷᠦᠩᠬᠡᠢ ᠺᠤᠮᠫᠠᠨᠢ ᠡᠴᠡ ᠤᠶᠢᠯᠠᠭᠠᠭᠰᠠᠨ ᠢᠶᠡᠷ᠂ 7 ᠰᠠᠷ᠎ᠠ ᠶᠢᠨ 17 ᠤ ᠡᠳᠦᠷ ᠡᠴᠡ ᠡᠬᠢᠯᠡᠨ᠂ G᠂ D ᠪᠡᠷ ᠡᠬᠢᠯᠡᠭᠰᠡᠨ ᠡᠬᠡᠯᠵᠢ ᠶᠢᠨ ᠭᠠᠯᠳᠤ ᠳᠡᠷᠬᠡᠨ ᠳᠤ ᠰᠠᠭᠤᠭᠰᠠᠨ ᠵᠤᠷᠴᠢᠭᠴᠢ 12306 ᠨᠧᠲ᠂ ᠭᠠᠷ ᠤᠳᠠᠰᠤᠨ APP ᠪᠡᠷ ᠳᠤᠰ ᠭᠠᠯᠳᠤ ᠳᠡᠷᠬᠡᠨ ᠳᠡᠬᠡᠷ᠎ᠡ ᠡᠴᠡ ᠪᠤᠶᠤ ᠵᠠᠮ ᠳᠠᠭᠠᠤ ᠦᠷᠳᠡᠬᠡᠨ ᠡᠴᠡ  ᠬᠤᠭᠤᠯᠠ ᠵᠠᠬᠢᠶᠠᠯᠠᠵᠤ ᠪᠤᠯᠤᠨ᠎ᠠ᠃ ᠡᠬᠢᠨ ᠤ ᠬᠤᠭᠤᠴᠠᠭᠠᠨ ᠳᠤ ᠳᠤᠷᠰᠢᠨ ᠦᠢᠯᠡᠴᠢᠯᠡᠬᠦ ᠦᠷᠳᠡᠬᠡ ᠨᠡᠶᠢᠳᠡ 27 ᠪᠤᠢ᠂ ᠳᠤᠰ ᠳᠤᠰ ᠱᠠᠩᠬᠠᠢ᠂ ᠲᠢᠶᠠᠨᠵᠢᠨ᠂ ᠭᠤᠧᠠᠩᠵᠧᠤ᠂ ᠨᠠᠨᠵᠢᠩ᠂ ᠬᠠᠩᠵᠧᠤ᠂ ᠰᠢ ᠠᠨ᠂ ᠮᠦᠭᠳᠡᠨ᠂ ᠴᠠᠩᠴᠦ᠋ᠨ᠂ ᠦᠬᠠᠨ᠂ ᠵᠢᠨᠠᠨ᠂ ᠹᠦᠵᠧᠤ᠂ ᠰᠢᠶᠠᠮᠧᠨ᠂ ᠴᠠᠩᠱᠠ᠂ ᠴᠧᠩᠳᠦ᠋᠂ ᠴᠦᠩᠴᠢᠩ᠂ ᠯᠠᠨᠵᠧᠤ ᠵᠡᠷᠬᠡ ᠦᠷᠳᠡᠬᠡ ᠪᠤᠯᠤᠨ᠎ᠠ᠃ ᠵᠠᠬᠢᠶᠠᠯᠠᠭ᠎ᠠ ᠬᠦᠯᠢᠶᠡᠭᠰᠡᠨ ᠦᠢᠯᠡᠴᠢᠯᠡᠭᠴᠢ ᠭᠠᠯᠳᠤ ᠳᠡᠷᠬᠡ ᠦᠷᠳᠡᠬᠡᠨ ᠳᠤ ᠤᠷᠤᠵᠤ ᠵᠤᠭᠰᠤᠭᠰᠠᠨ ᠤ ᠳᠠᠷᠠᠭ᠎ᠠ ᠵᠤᠷᠴᠢᠭᠴᠢ ᠶᠢᠨ ᠸᠠᠭᠤᠨ ᠪᠤᠯᠤᠨ ᠰᠠᠭᠤᠳᠠᠯ ᠤᠨ ᠳ᠋ᠤᠭᠠᠷ ᠢᠶᠡᠷ ᠬᠠᠶᠢᠵᠤ ᠬᠤᠭᠤᠯᠠ ᠶᠢ ᠨᠢ ᠬᠦᠷᠬᠡᠬᠦ ᠪᠤᠯᠤᠨ᠎ᠠ᠃ 

ᠢᠷᠡᠯᠳᠡ᠄ ᠰᠢᠨ ᠵᠢᠩ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121333070