蒙古文网站Logo
ᠰᠢᠨᠬᠤᠸᠠ ᠮᠤᠩᠭ᠋ᠤᠯ ᠨᠧᠲ

ᠰᠢᠶᠠᠩᠭ᠋ᠠᠩ ᠤᠨ ᠵᠠᠯᠠᠭᠤᠴᠤᠳ ᠤᠨ ᠪᠠᠶᠢᠴᠠᠭᠠᠨ ᠰᠤᠯᠢᠯᠴᠠᠬᠤ ᠪᠠᠭ ᠦᠪᠦᠷ ᠮᠣᠩᠭᠣᠯ ᠳᠤ ᠢᠷᠡᠪᠡ

2017-07-24 11:46

    7 ᠰᠠᠷ᠎ᠠ ᠶᠢᠨ 21 ᠤ ᠡᠳᠦᠷ᠂ ᠰᠢᠶᠠᠩᠭ᠋ᠠᠩ ᠤᠨ ᠵᠠᠯᠠᠭᠤᠴᠤᠳ ᠤᠨ ᠪᠠᠶᠢᠴᠠᠭᠠᠨ ᠰᠤᠯᠢᠯᠴᠠᠬᠤ ᠪᠠᠭ ᠤᠨ 360 ᠬᠦᠮᠦᠨ ᠬᠦᠬᠡᠬᠤᠲᠠ ᠳᠤ ᠬᠦᠷᠪᠡ᠂ ᠲᠡᠳᠡ ᠦᠪᠦᠷ ᠮᠣᠩᠭᠣᠯ ᠳᠤ 7 ᠡᠳᠦᠷ ᠤᠨ ᠬᠤᠭᠤᠴᠠᠭᠠᠨ ᠲᠠᠢ ᠪᠠᠶᠢᠴᠠᠭᠠᠯᠲᠠ ᠰᠤᠯᠢᠯᠴᠠᠭ᠎ᠠ ᠬᠢᠨ᠎ᠠ᠃

    ᠦᠨᠦ ᠵᠢᠯ ᠪᠤᠯ ᠰᠢᠶᠠᠩᠭ᠋ᠠᠩ ᠤᠯᠤᠰ ᠲᠤ ᠪᠡᠨ ᠪᠤᠴᠠᠭᠰᠠᠨ 20 ᠵᠢᠯ ᠪᠤᠯᠤᠨ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠪᠤᠯᠤᠨ᠎ᠠ᠃ 7 ᠰᠠᠷ ᠠ ᠶᠢᠨ 21 ᠡᠴᠡ 27 ᠤ ᠡᠳᠦᠷ ᠪᠤᠯᠲᠠᠯ᠎ᠠ᠂ ᠰᠢᠶᠠᠩᠭ᠋ᠠᠩ ᠤᠨ ᠵᠠᠯᠠᠭᠤᠴᠤᠳ ᠤᠨ ᠪᠠᠶᠢᠴᠠᠭᠠᠨ ᠰᠤᠯᠢᠯᠴᠠᠬᠤ ᠪᠠᠭ ᠤᠨ ᠬᠢᠨ ᠬᠦᠬᠡᠬᠤᠲᠠ᠂ ᠪᠤᠭᠤᠲᠤ᠂ ᠤᠯᠠᠭᠠᠨᠴᠠᠪ ᠢᠶᠡᠷ ᠬᠦᠷᠴᠤ ᠡᠯ᠎ᠠ ᠪᠦᠰᠡ ᠨᠤᠲᠤᠭ ᠤᠨ ᠠᠵᠤ ᠠᠬᠤᠶᠢᠯᠠᠯ᠂ ᠰᠤᠶᠤᠯ ᠤᠨ ᠲᠦᠬᠦᠭᠡᠷᠦᠮᠵᠢ᠂ ᠪᠠᠶᠢᠭᠠᠯᠢ ᠶᠢᠨ ᠦᠵᠡᠮᠵᠢ ᠵᠡᠷᠭᠡ ᠶᠢ ᠰᠤᠨᠢᠷᠬᠠᠵᠤ᠂ ᠦᠪᠦᠷ ᠮᠣᠩᠭᠣᠯ ᠤᠨ ᠴᠦᠬᠡᠨ ᠲᠤᠭᠠᠲᠤ ᠦᠨᠳᠦᠰᠦᠲᠡᠨ ᠤ ᠰᠤᠶᠤᠯ ᠵᠠᠩ ᠠᠷᠠᠨᠰᠢᠨ ᠢ ᠤᠶᠢᠯᠠᠭᠠᠵᠤ᠂ ᠦᠪᠦᠷ ᠮᠣᠩᠭᠣᠯ ᠤᠨ ᠰᠡᠭᠦᠯ ᠤᠨ ᠵᠢᠯ ᠤᠳ ᠤᠨ ᠡᠳ᠋ ᠤᠨ ᠵᠠᠰᠠᠭ ᠨᠡᠶᠢᠭᠡᠮ ᠤᠨ ᠬᠦᠭ᠍ᠵᠢᠯᠲᠠ ᠶᠢᠨ ᠠᠮᠵᠢᠯᠲᠠ ᠪᠦᠲᠦᠭᠡᠯ ᠢ ᠤᠢᠢᠯᠠᠭᠠᠨ᠎ᠠ᠃

    ᠲᠤᠰ ᠤᠳᠠᠭᠠᠨ ᠤ ᠠᠵᠢᠯᠯᠠᠭ᠎ᠠ ᠶᠢ ᠰᠢᠶᠠᠩᠭ᠋ᠠᠩ ᠤᠨ ᠡᠯ᠎ᠠ ᠬᠦᠷᠢᠶ᠎ᠠ ᠴᠠᠷ᠎ᠠ ᠶᠢᠨ ᠨᠠᠶᠢᠷ ᠨᠠᠭᠠᠳᠤᠮ ᠤᠨ ᠵᠦᠪᠯᠡᠯ ᠪᠤᠯᠤᠨ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠰᠢᠶᠠᠩᠭ᠋ᠠᠩ ᠤᠤᠮᠸᠨ ᠤ ᠬᠡᠷᠡᠭ ᠡᠷᠬᠢᠯᠡᠬᠦ ᠠᠯᠪᠠᠨ ᠡᠴᠡ ᠵᠤᠬᠢᠶᠠᠨ ᠪᠠᠶᠢᠭᠤᠯᠵᠤ᠂ ᠪᠠᠶᠢᠴᠠᠭᠠᠨ ᠰᠤᠯᠢᠯᠴᠠᠬᠤ ᠪᠠᠭ ᠤᠨ ᠭᠡᠰᠢᠭᠦᠳ ᠨᠢ ᠰᠢᠶᠠᠩᠭ᠋ᠠᠩ ᠤᠨ ᠡᠯ᠎ᠠ ᠳᠤᠮᠳᠠᠳᠤ ᠰᠤᠷᠭᠠᠭᠤᠯᠢ ᠶᠢᠨ ᠰᠤᠷᠤᠭᠴᠢᠳ ᠪᠤᠯᠤᠨ ᠤᠶᠢᠯᠠᠳᠪᠦᠷᠢ ᠬᠤᠳᠠᠯᠳᠤᠭ᠎ᠠ ᠮᠦᠩᠭᠦᠨ ᠭᠦᠢᠯᠭᠡᠭᠡᠨ ᠤ ᠬᠦᠷᠢᠶ᠎ᠠ ᠴᠡᠷ᠎ᠠ ᠳᠡᠬᠢ ᠵᠠᠯᠠᠭᠤᠴᠤᠳ ᠢᠶᠡᠷ ᠪᠦᠷᠢᠯᠳᠤᠵᠠᠢ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121370183