蒙古文网站Logo
ᠰᠢᠨᠬᠤᠸᠠ ᠮᠤᠩᠭ᠋ᠤᠯ ᠨᠧᠲ

《ᠮᠤᠷᠢᠳᠠᠨ ᠦᠨᠳᠦᠰᠦᠳᠡᠨ》 ᠮᠤᠷᠢᠨ ᠳ᠋ᠠᠭᠠᠨ ᠳᠠᠬᠢᠨ ᠮᠤᠷᠳᠠᠯ᠎ᠠ

2017-07-27 17:25

    ᠰᠢᠨᠬᠤᠧᠠ ᠬᠤᠷᠢᠶ᠎ᠠ   ᠬᠦᠬᠡᠬᠤᠳᠠ ᠶᠢᠨ 7 ᠰᠠᠷ᠎ᠠ ᠶᠢᠨ 24 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠸᠠᠩ ᠴᠦᠨ ᠶᠠᠨ᠂ ᠷᠧᠨ ᠵᠢᠶᠦ᠋ᠨ ᠴᠤᠧᠠᠨ) 《ᠮᠠᠨ ᠤ ᠮᠤᠩᠭᠤᠯ ᠬᠦᠮᠦᠨ ᠮᠤᠷᠢᠨ ᠡᠴᠡ ᠰᠠᠯᠵᠤ ᠴᠢᠳᠠᠳᠠᠭ ᠦᠬᠡᠢ᠃》ᠤᠳᠠᠭ᠎ᠠ ᠪᠦᠷᠢ ᠮᠤᠩᠭᠤᠯ ᠬᠦᠮᠦᠨ ᠬᠢᠬᠡᠳ ᠮᠤᠷᠢᠨ ᠤ ᠳᠤᠬᠠᠢ ᠠᠰᠠᠭᠤᠬᠤ ᠳᠤ ᠡᠶᠢᠮᠤ ᠯᠡ ᠳᠦᠬᠦᠮ ᠬᠠᠷᠢᠭᠤᠯᠳᠠ ᠤᠯᠳᠠᠭ ᠰᠠᠨ᠂ ᠲᠡᠭᠡᠬᠦ ᠪᠡᠷ ᠮᠤᠩᠭᠤᠯ ᠬᠦᠮᠦᠨ ᠮᠤᠷᠢ ᠬᠤᠶᠠᠷ ᠤᠨ ᠬᠠᠶᠢᠷ᠎ᠠ ᠰᠡᠳᠬᠢᠯᠬᠡ ᠶᠢ ᠤᠯᠠᠨ ᠦᠬᠡ ᠪᠡᠷ ᠢᠯᠡᠳᠬᠡᠬᠦ ᠳᠤ ᠬᠦᠷᠪᠡᠯ ᠳᠠᠪᠤᠰᠤ ᠦᠬᠡᠢ ᠬᠤᠭᠤᠯᠠ ᠰᠢᠬ ᠪᠤᠯᠴᠢᠬᠠᠬᠤ ᠮᠡᠳᠦ᠃

    ᠰᠢᠯᠢ ᠶᠢᠨ ᠭᠤᠤᠯ ᠤᠨ ᠳᠠᠯ᠎ᠠ ᠨᠤᠳᠤᠭ ᠲᠤ ᠬᠤᠯᠠ ᠤᠶᠢᠷ᠎ᠠ ᠳᠠᠭᠠᠨ ᠠᠯᠳᠠᠷᠰᠢᠭᠰᠠᠨ ᠤᠨᠤᠭᠠᠴᠢ ᠠᠯᠳᠠᠠᠧᠴᠢᠷ ᠮᠤᠩᠭᠤᠯ ᠬᠦᠮᠦᠨ ᠮᠤᠷᠢ ᠬᠤᠶᠠᠷ ᠤᠨ ᠬᠠᠶᠢᠷ᠎ᠠ ᠰᠡᠳᠬᠢᠯᠬᠡ ᠶᠢ ᠡᠶᠢᠨᠬᠦ ᠳᠦᠷᠰᠦᠯᠡᠨ ᠶᠠᠷᠢᠵᠠᠢ᠃ ᠦᠪᠡᠷ ᠢᠶᠡᠨ ᠦᠷᠬᠦᠯᠵᠢ ᠤᠨᠤᠳᠠᠭ 4 ᠮᠤᠷᠢ ᠲᠠᠢ ᠬᠡᠵᠤ ᠬᠡᠯᠡᠬᠦ ᠦᠶᠡᠰ ᠬᠠᠷᠠᠴᠠᠨ ᠳᠤ ᠨᠢ ᠶᠡᠷᠦ ᠪᠤᠰᠤ ᠶᠢᠨ ᠡᠶᠡᠪᠡᠷᠬᠦᠦ ᠤᠴᠢ ᠳᠤᠧᠠᠯᠠᠵᠤ ᠪᠠᠶᠢᠯ᠎ᠠ᠃

    《ᠡᠨᠡ ᠪᠠᠰᠠ ᠵᠢᠭᠠᠬᠠᠨ ᠪᠠᠶᠢᠭᠰᠠᠭᠠᠷ᠂ ᠤᠳᠤ ᠰᠠᠶ᠊ᠢ ᠰᠢᠳᠦᠯᠡᠩ ᠪᠤᠯᠵᠤ ᠪᠠᠶᠢᠨ᠎ᠠ᠃ ᠡᠨᠡ ᠤᠳᠠᠭ᠎ᠠ ᠵᠦᠪᠬᠡᠨ ᠤᠷᠤᠯᠳᠤᠭᠤᠯᠵᠤ ᠦᠵᠡᠬᠦ ᠶᠢ ᠪᠤᠳᠤᠭᠰᠠᠨ᠂ ᠠᠶᠢᠷᠠᠭ ᠤᠨ ᠱᠠᠩ ᠳᠤ ᠳᠤᠷᠠᠯᠠᠭ᠎ᠠ ᠦᠬᠡᠢ》ᠬᠡᠭᠰᠡᠬᠡᠷ ᠠᠯᠳᠠᠠᠧᠴᠢᠷ ᠬᠦᠳᠦᠯᠵᠤ ᠢᠷᠡᠭᠰᠡᠨ ᠬᠠᠷ᠎ᠠ ᠬᠠᠯᠢᠭᠤᠨ ᠢᠶᠡᠨ ᠰᠢᠯᠢᠩᠬᠤᠳᠠ ᠶᠢᠨ ᠪᠤᠯᠠᠭᠠᠨ ᠰᠤᠮᠤ ᠶᠢᠨ ᠨᠠᠭᠠᠳᠤᠮ ᠳᠤ ᠤᠷᠤᠯᠳᠤᠭᠤᠯᠬᠤ ᠪᠡᠷ ᠬᠦᠯᠢᠶᠡᠨ᠎ᠡ᠃ ᠮᠤᠷᠢᠨ ᠤ ᠪᠡᠨ ᠳᠡᠯ ᠢ ᠰᠠᠶᠢᠬᠠᠨ ᠵᠠᠰᠠᠵᠤ ᠬᠦᠵᠦᠬᠦᠨ ᠳᠤ ᠨᠢ ᠴᠡᠩᠬᠡᠷ ᠬᠠᠳᠠᠭ ᠵᠡᠬᠦᠯᠬᠡᠵᠡᠢ᠃

    ᠮᠤᠷᠢ ᠪᠤᠯ ᠮᠤᠩᠭᠤᠯ ᠬᠦᠮᠦᠨ ᠤ ᠬᠠᠨᠢ

    《ᠮᠤᠷᠢᠳᠠᠨ ᠦᠨᠳᠦᠰᠦᠳᠡᠨ》ᠬᠡᠮᠡᠬᠦ ᠰᠠᠶᠢᠬᠠᠨ ᠠᠯᠳᠠᠷ ᠲᠠᠢ ᠮᠤᠩᠭᠤᠯᠴᠤᠳ ᠵᠠᠭᠤᠨ ᠵᠠᠭᠤᠨ ᠤ ᠳᠤᠷᠰᠢ ᠠᠳᠤᠭᠤ ᠠᠷᠠᠴᠢᠯᠠᠵᠤ ᠤᠨᠤᠵᠤ ᠡᠳ᠋ᠯᠡᠭᠰᠡᠬᠡᠷ ᠢᠷᠡᠵᠡᠢ᠃ ᠮᠤᠩᠭᠤᠯ ᠬᠡᠯᠡᠨ ᠳᠤ ᠮᠤᠷᠢᠨ ᠤ ᠵᠢᠰᠤᠮ ᠤᠨ ᠨᠡᠷᠡᠶᠢᠳᠦᠯ 300 ᠭᠠᠷᠤᠢ ᠪᠠᠶᠢᠳᠠᠭ; ᠮᠤᠩᠭᠤᠯ ᠳᠠᠭᠤᠨ ᠳᠤ ᠮᠤᠷᠢ ᠪᠡᠨ ᠳᠠᠭᠤᠯᠠᠭᠰᠠᠨ ᠳᠠᠭᠤᠤ ᠡᠵᠢ ᠪᠡᠨ ᠳᠠᠭᠤᠯᠠᠭᠰᠠᠨ ᠪᠤᠯᠤᠨ ᠨᠤᠳᠤᠭ ᠢᠶᠡᠨ ᠳᠠᠭᠤᠯᠠᠭᠰᠠᠨ ᠳᠠᠭᠤᠨ ᠤ ᠳᠠᠷᠠᠭ᠎ᠠ ᠯᠠ ᠤᠷᠤᠵᠤ ᠭᠤᠷᠪᠠᠳᠤᠭᠠᠷ ᠲᠤ ᠵᠢᠬᠰᠠᠳᠠᠭ᠃ ᠳᠤᠷ᠎ᠠ ᠶᠢᠨ ᠨᠢᠬᠡᠨ ᠮᠤᠩᠭᠤᠯ ᠠᠶᠢᠯ ᠳᠤ ᠤᠷᠤᠬᠤ ᠳᠤ ᠮᠤᠷᠢᠨ ᠤ ᠶᠠᠩᠵᠤ ᠲᠠᠢ ᠳᠠᠪᠢᠯᠭ᠎ᠠ᠂ ᠡᠳ᠋ᠯᠡᠯ ᠬᠡᠷᠡᠭᠰᠡᠯ ᠤᠯᠠᠨ ᠬᠠᠷᠠᠭᠳᠠᠳᠠᠭ᠄ ᠮᠤᠳᠤᠨ ᠱᠤᠭᠤᠮᠠᠯ᠂ ᠱᠠᠭᠠᠵᠠᠩ ᠮᠤᠷᠢ᠂ ᠬᠠᠨᠠᠨ ᠳᠤ ᠡᠯᠬᠦᠭᠰᠡᠨ ᠮᠤᠷᠢᠨ ᠬᠤᠭᠤᠷ᠂ ᠨᠠᠶ᠋ᠮᠠᠨ ᠰᠢᠷᠭ᠎ᠠ ᠶᠢᠨ ᠵᠢᠷᠤᠭ ᠁ ᠵᠠᠷᠢᠮ ᠨᠢ ᠳᠡᠬᠡᠳᠦ ᠡᠴᠡ ᠤᠯᠠᠮᠵᠢᠯᠠᠵᠤ ᠢᠷᠡᠭᠰᠡᠨ ᠡᠮᠡᠬᠡᠯ ᠢᠶᠡᠨ ᠳᠠᠪᠢᠯᠭ᠎ᠠ ᠪᠤᠯᠭᠠᠵᠤ ᠬᠡᠷ ᠲᠡᠬᠡᠨ ᠤᠯᠠᠨ ᠤ ᠨᠢᠳᠦ ᠬᠦᠷᠬᠦ ᠭᠠᠵᠠᠷ ᠳᠠᠯᠪᠢᠭᠰᠠᠨ ᠪᠠᠶᠢᠳᠠᠭ᠃

    ᠮᠤᠩᠭᠤᠯ ᠮᠤᠷᠢ ᠳᠠᠯ᠎ᠠ ᠨᠤᠳᠤᠭ ᠤᠨ ᠰᠦᠭ ᠰᠦᠯᠳᠡ᠂ ᠮᠦᠨ ᠴᠤ ᠦᠪᠦᠷ ᠮᠤᠩᠭᠤᠯ ᠤᠨ ᠳᠠᠯ᠎ᠠ ᠨᠤᠳᠤᠭ ᠤᠨ ᠰᠤᠶᠤᠯ ᠤᠨ ᠰᠦᠭ ᠰᠦᠨᠡᠰᠦ ᠪᠤᠯᠬᠤ ᠶᠤᠮ ᠬᠡᠵᠤ ᠮᠤᠩᠭᠤᠯ ᠠᠳᠤᠭᠤᠨ ᠤ ᠳᠠᠯ᠎ᠠ ᠪᠡᠷ ᠤᠳᠠᠭᠠᠨ ᠵᠢᠯ ᠰᠤᠳᠤᠯᠤᠭᠰᠠᠨ ᠦᠪᠦᠷ ᠮᠤᠩᠭᠤᠯ ᠤᠨ ᠳᠠᠷᠢᠶᠠᠯᠠᠩ ᠤᠨ ᠶᠡᠬᠡ ᠰᠤᠷᠭᠠᠭᠤᠯᠢ ᠶᠢᠨ ᠳᠡᠳ᠋ ᠵᠠᠬᠢᠷᠤᠯ ᠮᠠᠩᠯᠠᠢ ᠶᠠᠷᠢᠵᠠᠢ᠃ ᠮᠤᠩᠭᠤᠯ ᠮᠤᠷᠢ ᠳᠠᠭᠠᠭᠠᠴᠠ ᠲᠠᠢ᠂ ᠬᠦᠢᠳᠡᠨ ᠳᠤ ᠳᠡᠰᠪᠦᠷᠢᠳᠡᠢ᠂ ᠠᠮᠢ ᠪᠦᠬᠡ᠂ ᠠᠷᠠᠴᠢᠯᠠᠵᠤ ᠳᠡᠵᠢᠬᠡᠬᠦ ᠤᠷᠴᠢᠨ ᠤ ᠱᠠᠭᠠᠷᠳᠠᠯᠭ᠎ᠠ ᠳᠤᠤᠷ᠎ᠠ ᠵᠡᠷᠬᠡ ᠤᠨᠴᠠᠯᠢᠭ ᠲᠠᠢ᠃ ᠡᠶᠢᠨᠬᠦ ᠳᠠᠯ᠎ᠠ ᠨᠤᠳᠤᠭ ᠲᠤ 《ᠮᠤᠩᠭᠤᠯ ᠮᠤᠷᠢᠨ ᠤ ᠴᠤᠭ ᠵᠢᠪᠬᠤᠭ᠎ᠠ》 ᠪᠡᠷ 《ᠬᠦᠴᠢᠷ ᠢ ᠳᠤᠭᠤᠯᠵᠤ ᠡᠷᠡᠯᠬᠡᠭᠯᠡᠨ ᠤᠷᠤᠭᠰᠢᠯᠠᠳᠠᠭ》ᠦᠨᠳᠦᠰᠦᠳᠡᠨ ᠤ ᠴᠤᠭ ᠰᠦᠯᠳᠡ ᠶᠢ ᠳᠦᠷᠰᠦᠯᠡᠳᠡᠭ ᠪᠢᠯᠡ᠃

    ᠦᠩᠭᠡᠷᠡᠭᠰᠡᠨ ᠳᠤ᠂ ᠮᠣᠷᠢ ᠪᠤᠯ ᠮᠣᠩᠭᠤᠯ ᠬᠦᠮᠦᠨ ᠤ ᠲᠤᠳᠠᠭᠳᠠᠵᠤ ᠪᠤᠯᠤᠰᠢ ᠦᠬᠡᠢ ᠬᠦᠳᠡᠯᠮᠦᠷᠢ ᠬᠦᠴᠦᠨ ᠬᠢᠬᠡᠳ ᠵᠠᠮ ᠬᠠᠷᠢᠯᠴᠠᠭᠠᠨ ᠤ ᠬᠡᠷᠡᠭᠰᠡᠯ ᠪᠠᠶᠢᠪᠠ᠃ ᠮᠣᠷᠢ ᠪᠡᠶᠢᠬᠤ ᠦᠬᠡᠢ ᠪᠤᠯ ᠮᠠᠯᠴᠢᠳ ᠤᠨ ᠪᠦᠬᠦᠶᠢᠯᠡ ᠥᠢᠯᠡᠳᠪᠤᠷᠢᠯᠠᠯ ᠶᠠᠪᠤᠭᠳᠠᠵᠤ ᠴᠢᠳᠠᠬᠤ ᠦᠬᠡᠢ᠃ ᠬᠡᠪᠡᠴᠤ ᠦᠩᠬᠡᠷᠡᠭᠰᠡᠨ ᠵᠠᠭᠤᠨ ᠤ ᠰᠡᠭᠦᠯᠴᠢ ᠡᠴᠡ ᠡᠬᠢᠯᠡᠨ ᠮᠣᠩᠭᠤᠯᠴᠤᠳ ᠠᠭᠠᠵᠢᠮ ᠢᠶᠡᠷ ᠤᠰᠤᠨ ᠤ ᠲᠤᠨᠭᠭᠠᠯᠠᠭ ᠡᠪᠡᠰᠦᠨ ᠤ ᠰᠤᠷᠭᠤᠭ ᠢ ᠳᠠᠭᠠᠨ ᠨᠡᠬᠦᠳᠠᠯᠯᠡᠳᠡᠭ ᠠᠮᠢᠳᠤᠷᠠᠯ ᠡᠴᠡ ᠪᠡᠨ ᠰᠠᠯᠪᠠ᠃ ᠤᠨᠴᠠᠭᠠᠶᠢᠯᠠᠨ ᠵᠠᠮ ᠬᠠᠷᠢᠯᠴᠠᠭ᠎ᠠ ᠤᠯᠠᠮ ᠳᠦᠬᠦᠮ ᠲᠦᠳᠡ ᠪᠤᠯᠵᠤ ᠮᠠᠯᠵᠢᠬᠤ ᠠᠮᠢᠳᠤᠷᠠᠯ ᠠᠭᠠᠵᠢᠮ ᠢᠶᠡᠷ ᠮᠧᠬᠠᠨᠢᠭᠵᠢᠭᠰᠠᠨ ᠪᠠ ᠲᠠᠯ᠎ᠠ ᠨᠤᠲᠤᠭ ᠤᠨ ᠠᠮᠢ ᠠᠬᠤᠢ ᠮᠠᠭᠤᠳᠠᠬᠰᠠᠨ ᠡᠴᠡ ᠮᠣᠩᠭᠤᠯᠴᠤᠳ ᠠᠭᠠᠵᠢᠮ ᠢᠶᠡᠷ ᠮᠣᠷᠢ ᠤᠨᠤᠬᠤ ᠪᠡᠨ ᠪᠤᠯᠢᠪᠠ᠃

    ᠪᠠᠷᠠᠭᠤᠨ ᠦᠵᠦᠮᠦᠴᠢᠨ ᠬᠤᠰᠢᠭᠤᠨ ᠤ ᠠᠳᠤᠭᠤᠨ ᠰᠤᠶᠤᠯ ᠤᠨ ᠨᠡᠶᠢᠭᠡᠮᠯᠢᠭ᠌ ᠤᠨ ᠨᠠᠷᠢᠨ ᠪᠢᠴᠢᠭ᠌ ᠤᠨ ᠳᠠᠷᠤᠭ᠎ᠠ ᠠᠬᠰᠠᠨ ᠬᠤᠪᠢᠰᠬᠠᠯᠲᠤ᠂ ᠮᠤᠷᠢ ᠲᠡᠵᠢᠬᠡᠬᠦ ᠠᠵᠤ ᠥᠢᠯᠡᠳᠪᠤᠷᠢᠵᠢᠯᠲᠠ ᠶᠢᠨ ᠬᠡᠮᠵᠢᠶ᠎ᠠ ᠳᠤᠤᠷ᠎ᠠ᠂ ᠮᠠᠯᠴᠢᠳ ᠤᠨ ᠤᠷᠤᠯᠭ᠎ᠠ ᠶᠢ ᠨᠡᠶᠢᠳᠠᠮ ᠳᠤ ᠪᠡᠨ ᠨᠡᠮᠡᠭᠳᠡᠭᠦᠯᠵᠦ ᠴᠢᠳᠠᠬᠤ ᠦᠬᠡᠢ ᠪᠤᠯᠬᠤᠷ ᠤᠯᠠᠩᠬᠢ ᠮᠠᠯᠴᠢᠳ ᠦᠬᠡᠷ ᠬᠤᠨᠢ ᠲᠡᠵᠢᠬᠡᠬᠦ ᠶᠢ ᠲᠡᠷᠢᠬᠦᠨ ᠳᠤ ᠪᠤᠳᠤᠯᠬᠢᠯᠠᠳᠠᠭ ᠪᠤᠯᠤᠬᠰᠠᠨ ᠬᠡᠵᠡᠢ᠃

    《ᠡᠷᠲᠡᠨ ᠳᠤ ᠪᠡᠨ ᠮᠣᠷᠢ ᠪᠤᠯ ᠵᠦᠪᠬᠡᠨ ᠵᠠᠮ ᠬᠠᠷᠢᠯᠴᠠᠭᠠᠨ ᠤ ᠬᠡᠷᠡᠭᠰᠡᠯ ᠪᠠᠶᠢᠯ᠎ᠠ᠂ ᠦᠩᠭᠡᠷᠡᠭᠰᠡᠨ ᠵᠠᠭᠤᠨ ᠤ ᠨᠠᠶᠠᠭᠠᠳ ᠤᠨ ᠪᠤᠯᠬᠤ ᠳᠤ ᠵᠠᠮ  ᠬᠠᠷᠢᠯᠴᠠᠭᠠᠨ ᠤ ᠬᠡᠷᠡᠭᠰᠡᠯ ᠳᠤ ᠴᠤ ᠪᠠᠭᠳᠠᠬᠤ ᠪᠡᠨ ᠪᠣᠯᠢᠭᠰᠠᠨ᠃ ᠴᠢᠨᠡᠭᠡᠯᠢᠭᠵᠢᠶ᠎ᠠ ᠭᠡᠪᠡᠯ ᠲᠡᠬᠦᠨ ᠢ ᠲᠦᠰᠢᠵᠤ ᠬᠡᠷᠬᠢᠨ ᠪᠤᠯᠬᠤ ᠪᠤᠢ》ᠬᠡᠵᠤ ᠠᠯᠳᠠᠠᠧᠴᠢᠷ ᠤᠨ ᠠᠪᠤ ᠪ •ᠪᠠᠭᠠᠳᠤᠷ ᠬᠡᠯᠡᠬᠦ ᠶᠢᠨ ᠳᠠᠭᠠᠤ᠂ ᠪᠢ 1989 ᠤᠨ ᠳᠤ ᠨᠢᠬᠡ ᠲᠡᠮᠡᠭᠡ ᠨᠢᠬᠡ ᠮᠣᠷᠢ ᠪᠡᠷ ᠬᠠᠭᠤᠴᠢᠨ ᠮᠤᠲ᠋ᠤᠷ ᠰᠤᠯᠢᠵᠤ ᠪᠠᠶᠢᠯ᠎ᠠ᠃ ᠭᠡᠪᠡᠴᠤ ᠳᠡᠮᠡᠢ ᠬᠡᠳᠤᠨ ᠡᠳᠦᠷ ᠪᠤᠯᠤᠭᠰᠠᠨ ᠦᠬᠡᠢ ᠡᠪᠳᠠᠷᠠᠴᠢᠬᠡᠭᠰᠡᠨ ᠬᠡᠯ᠎ᠠ᠃  

    ᠪᠠᠭᠠᠲᠤᠷ ᠭᠤᠧᠠᠢ ᠶᠢᠨ ᠦᠵᠡᠬᠦ ᠪᠡᠷ᠂ ᠮᠣᠷᠢᠨ ᠤ ᠨᠢᠷᠤᠭᠤᠨ ᠡᠴᠡ ᠤᠯᠠᠮ ᠡᠷᠲᠡ ᠪᠠᠭᠤᠪᠠᠯ ᠴᠢᠨᠡᠭᠡᠯᠢᠭ᠌ ᠠᠮᠢᠳᠤᠷᠠᠯ ᠲᠠᠢ ᠤᠯᠠᠮ ᠥᠢᠷᠠᠳᠤᠭᠰᠠᠨ ᠶᠠᠪᠤᠳᠠᠯ᠃ 5 ᠵᠢᠯ ᠤᠨ ᠬᠢᠨᠢ ᠳᠠᠷᠠᠭ᠎ᠠ ᠪᠠᠭᠠᠲᠤᠷ ᠭᠤᠧᠠᠢ 6 ᠮᠣᠷᠢ ᠪᠡᠨ ᠬᠤᠳᠠᠯᠳᠤᠵᠤ ᠴᠣ᠋ ᠰᠢᠨ᠎ᠠ《ᠰᠢᠩ ᠹᠦ᠋ 250》ᠮᠤᠲ᠋ᠤᠷ ᠬᠤᠳᠠᠯᠳᠤᠵᠤ ᠠᠪᠴᠠᠢ᠃ 11 ᠵᠢᠯ ᠤᠨ ᠬᠢᠨᠢ ᠳᠠᠷᠠᠭ᠎ᠠ ᠪᠠᠭᠠᠲᠤᠷ ᠭᠤᠧᠠᠢ ᠪᠠᠰᠠ ᠠᠩᠬᠠᠨ ᠤ ᠮᠠᠰᠢᠨ《ᠪᠧᠢ ᠴᠢ 212》 ᠢᠶᠡᠨ ᠠᠪᠤᠯ᠎ᠠ᠃ ᠬᠤᠵᠢᠮ ᠨᠢ ᠮᠠᠰᠢᠨ ᠤ ᠰᠢᠨᠡᠴᠢᠯᠡᠯᠲᠠ ᠤᠯᠠᠮ ᠲᠦᠷᠭᠡᠰᠴᠤ ᠤᠳᠤ ᠨᠢᠬᠡ ᠭᠡᠷ ᠤᠨ 9 ᠠᠮᠠ ᠳᠤᠮᠳᠠ ᠪᠡᠨ 5 ᠮᠠᠰᠢᠨ ᠲᠠᠢ ᠪᠣᠯᠵᠠᠢ᠃

    ᠮᠠᠯᠴᠢᠳ ᠤᠨ ᠠᠮᠢᠳᠤᠷᠠᠯ ᠳᠤ ᠲᠤᠳᠠᠭᠳᠠᠵᠤ ᠪᠤᠯᠤᠰᠢ ᠦᠬᠡᠢ ᠪᠠᠶᠢᠬᠰᠠᠨ ᠮᠣᠩᠭᠤᠯ ᠮᠣᠷᠢ ᠠᠭᠠᠵᠢᠮ ᠢᠶᠡᠷ ᠴᠦᠬᠡᠷᠡᠵᠤ᠂ ᠪᠠᠴᠢᠮ ᠬᠠᠮᠠᠭᠠᠯᠠᠯᠳᠠ ᠶᠢᠨ ᠬᠦᠷᠢᠶᠡᠨ ᠳᠤ ᠪᠠᠭᠳᠠᠬᠤ ᠬᠡᠮᠵᠢᠶᠡᠨ ᠳᠤ ᠬᠦᠷᠴᠠᠢ᠃ ᠥᠪᠦᠷ ᠮᠣᠩ᠋ᠭᠤᠯ ᠤᠨ ᠮᠤᠩᠭᠤᠯ ᠠᠳᠤᠭᠤ 1975 ᠤᠨ ᠳᠤ ᠬᠠᠮᠤᠭ ᠤᠨ ᠤᠯᠠᠨ᠂ ᠨᠡᠶᠢᠳᠡ 239 ᠲᠦᠮᠡ ᠪᠠᠶᠢᠬᠰᠠᠨ ᠢᠶᠡᠨ 2007 ᠤᠨ ᠪᠤᠯᠬᠤ  ᠳᠤ 70 ᠲᠦᠮᠡ ᠯᠡ ᠦᠯᠡᠳᠡᠵᠡᠢ᠃

    ᠮᠤᠩᠭᠤᠯ ᠮᠤᠷᠢ ᠰᠢᠨ᠎ᠠ ᠴᠠᠭ ᠦᠶ᠎ᠠ ᠳᠤ ᠰᠢᠨ᠎ᠠ ᠠᠮᠢᠵᠢᠷᠠᠯ ᠤᠨ ᠬᠦᠴᠦᠨ ᠲᠠᠢ ᠪᠤᠯᠤᠯ᠎ᠠ

    ᠮᠣᠩᠭᠤᠯ ᠮᠣᠷᠢᠨ ᠤ ᠲᠤᠭ᠎ᠠ ᠳᠤᠯᠤᠭᠠᠢ ᠬᠡᠨᠡᠳᠳᠡ ᠴᠦᠬᠡᠷᠡᠭᠰᠡᠨ ᠶᠠᠪᠤᠳᠠᠯ ᠵᠠᠰᠠᠭ ᠤᠨ ᠤᠷᠳᠤᠨ ᠬᠢᠬᠡᠳ ᠢᠷᠭᠡᠳ ᠤᠨ ᠰᠡᠳᠬᠢᠯ ᠳᠤ ᠳᠦᠭᠰᠢᠬᠦᠷᠢ ᠤᠷᠤᠭᠤᠯᠵᠠᠢ᠃ 2011 ᠤᠨ ᠳᠤ᠂ ᠥᠪᠦᠷ ᠮᠣᠩ᠋ᠭᠤᠯ ᠨᠢ ᠮᠣᠩ᠋ᠭᠤᠯ ᠠᠳᠤᠭᠤᠨ ᠤ ᠡᠬᠦᠯᠳᠡᠷ ᠬᠠᠮᠠᠭᠠᠯᠠᠬᠤ 3 ᠰᠠᠭᠤᠷᠢᠨ ᠪᠠᠶᠢᠭᠤᠯᠬᠤ ᠶᠢᠨ ᠵᠡᠷᠭᠡᠴᠡᠭᠡ ᠵᠠᠰᠠᠭ ᠤᠨ ᠤᠷᠳᠤᠨ ᠡᠴᠡ ᠵᠢᠯ ᠪᠦᠷᠢ 1800 ᠲᠦᠮᠡᠨ ᠲᠦᠭᠦᠷᠢᠭ᠌ ᠵᠠᠷᠤᠴᠠᠭᠤᠯᠵᠤ 2000 ᠨᠠᠷᠡᠲᠤ ᠮᠣᠩ᠋ᠭᠤᠯ ᠮᠣᠷᠢᠨ ᠤ ᠡᠬᠦᠯᠳᠡᠷ ᠢ ᠬᠠᠮᠠᠭᠠᠯᠠᠵᠤ ᠦᠰᠬᠡᠬᠦ ᠪᠡᠷ ᠪᠤᠯᠵᠠᠢ᠃ ᠡᠬᠦᠨ ᠤ ᠵᠡᠷᠬᠡᠴᠡᠬᠡ ᠥᠪᠦᠷ ᠮᠣᠩ᠋ᠭᠤᠯ ᠤᠨ ᠡᠯ᠎ᠠ ᠱᠠᠳᠤᠨ ᠤ ᠵᠠᠰᠠᠭ ᠤᠨ ᠤᠷᠳᠤᠨ ᠪᠠ ᠰᠠᠯᠠᠭ᠎ᠠ ᠮᠦᠴᠢᠷ ᠰᠡᠬᠦᠯ ᠤᠨ ᠵᠢᠯ ᠤᠳ ᠲᠤ ᠤᠯᠠᠨ ᠠᠷᠪᠢᠨ《ᠮᠣᠷᠢ》ᠪᠡᠷ ᠰᠡᠳᠤᠪᠯᠡᠭᠰᠡᠨ ᠪᠡᠶ᠎ᠡ ᠶᠢᠨ ᠳᠠᠮᠢᠷ᠂ ᠰᠤᠶᠤᠯ᠂ ᠵᠢᠭᠤᠯᠴᠢᠯᠠᠯ ᠤᠨ ᠠᠵᠢᠯᠯᠠᠭ᠎ᠠ ᠵᠣᠬᠢᠶᠠᠨ ᠪᠠᠶᠢᠭᠤᠯᠵᠤ᠂ 《ᠮᠣᠷᠢ》 ᠶᠢᠨ ᠡᠬᠦᠯᠳᠡᠷ ᠢ ᠬᠠᠮᠠᠭᠠᠯᠠᠵᠤ ᠦᠰᠬᠡᠨ ᠥᠪᠦᠷ ᠮᠣᠩ᠋ᠭᠤᠯ ᠤᠨ ᠤᠨᠴᠠᠯᠢᠬᠲᠤ ᠪᠷᠧ᠋ᠨ᠋ᠳ᠋ ᠤᠨ ᠲᠦᠯᠦᠭᠡᠯᠡᠭᠴᠢ ᠪᠤᠯᠭᠠᠬᠤ ᠶᠢ ᠵᠤᠷᠢᠪᠠ᠃ ᠢᠷᠭᠡᠳ ᠤᠨ ᠳᠤᠮᠳᠠ᠂ ᠡᠯ᠎ᠠ ᠪᠦᠰᠡ ᠨᠤᠲᠤᠭ ᠨᠢ ᠮᠣᠩ᠋ᠭᠤᠯ ᠮᠣᠷᠢᠨ ᠤ ᠬᠠᠮᠠᠭᠠᠯᠠᠯᠲᠠ᠂ ᠬᠦᠭ᠍ᠵᠢᠯᠲᠠ ᠪᠤᠯᠤᠨ ᠠᠬᠢᠭᠤᠯᠤᠯᠲᠠ ᠶᠢ ᠮᠠᠯᠴᠢᠳ ᠤᠨ ᠤᠷᠤᠯᠭ᠎ᠠ ᠲᠠᠢ ᠬᠡᠷᠬᠢᠨ ᠤᠶᠠᠯᠳᠤᠭᠤᠯᠵᠤ᠂ ᠮᠣᠷᠢᠨ ᠳᠤ ᠬᠠᠶᠢᠷᠠᠲᠠᠢ ᠮᠣᠩᠭᠤᠯᠴᠤᠳ ᠠᠳᠤᠭᠤᠨ ᠰᠤᠶᠤᠯ ᠢᠶᠡᠨ ᠬᠡᠷᠬᠢᠨ ᠦᠪᠯᠡᠨ ᠤᠯᠠᠮᠵᠢᠯᠠᠵᠤ ᠪᠠᠶᠠᠵᠢᠨ ᠴᠢᠨᠡᠬᠡᠯᠢᠭᠵᠢᠬᠦ ᠠᠷᠭ᠎ᠠ ᠵᠠᠮ ᠢ ᠬᠠᠶᠢᠨ ᠰᠦᠪᠡᠭ᠍ᠴᠢᠯᠡᠵᠤ ᠡᠬᠢᠯᠡᠵᠡᠢ᠃

    ᠰᠢᠯᠢᠩᠬᠤᠳᠠ ᠶᠢᠨ ᠪᠤᠯᠠᠭᠠᠨ ᠰᠤᠮᠤ ᠶᠢᠨ ᠰᠢᠷᠠᠳᠠᠯ᠎ᠠ ᠭᠠᠴᠠᠭᠠᠨ ᠤ ᠠᠯᠳᠠᠠᠧᠴᠢᠷ ᠪᠤᠯ ᠠᠳᠤᠭᠤᠨ ᠰᠤᠶᠤᠯ ᠢ ᠤᠯᠠᠮᠵᠢᠯᠠᠨ ᠬᠠᠮᠤᠭ ᠤᠨ ᠲᠦᠷᠦᠬᠦᠨ ᠳᠤ ᠴᠢᠨᠡᠬᠡᠯᠢᠭ᠌᠌ ᠠᠮᠢᠳᠤᠷᠠᠯ ᠲᠠᠢ ᠪᠤᠯᠤᠭᠰᠠᠨ ᠨᠢᠬᠡᠨ᠃ ᠠᠯᠳᠠᠠᠧᠴᠢᠷ 400 ᠭᠠᠷᠤᠢ ᠠᠳᠤᠭᠤ ᠲᠡᠵᠢᠬᠡᠵᠤ᠂ ᠤᠶᠢᠷ᠎ᠡ ᠶᠢᠨ ᠬᠡᠳᠦᠨ ᠵᠢᠯ ᠳᠤ ᠡᠮᠨᠢᠭ ᠰᠤᠷᠭᠠᠬᠤ᠂ ᠮᠤᠷᠢ ᠤᠷᠤᠯᠳᠤᠬᠤ᠂ ᠰᠠᠶᠢᠨ ᠡᠬᠦᠯᠳᠡᠷ ᠤᠨ ᠤᠨᠠᠭ᠎ᠠ ᠬᠤᠳᠠᠯᠳᠤᠬᠤ ᠪᠤᠯᠤᠨ 《ᠮᠠᠯᠴᠢᠨ ᠠᠶᠢᠯ》ᠵᠢᠭᠤᠯᠴᠢᠯᠠᠯ ᠤᠨ ᠠᠵᠤ ᠦᠢᠯᠡᠰ ᠢᠶᠡᠷ ᠦᠭᠡᠷ ᠮᠠᠯ ᠬᠠᠷᠢᠭᠤᠯᠤᠨ ᠠᠮᠢᠳᠤᠷᠠᠵᠤ ᠪᠠᠶᠢᠭᠰᠠᠨ ᠤᠯᠠᠮᠵᠢᠯᠠᠯᠳᠤ ᠪᠠᠶᠢᠳᠠᠯ ᠡᠴᠡ ᠪᠠᠨ ᠠᠩᠬᠢᠵᠢᠷᠠᠨ ᠵᠢᠯ ᠤᠨ ᠤᠷᠤᠯᠭ᠎ᠠ ᠵᠠᠭᠤᠨ ᠲᠦᠮᠡ ᠶᠢ ᠲᠠᠪᠠᠭᠰᠠᠨ ᠴᠢᠨᠡᠭᠡᠯᠢᠭ᠌᠌ ᠠᠶᠢᠯ ᠪᠤᠯᠤᠭᠰᠠᠨ ᠳᠡᠳᠦᠢ ᠦᠬᠡᠢ 2015 ᠤᠨ ᠳᠤ ᠬᠤᠶᠠᠷ ᠲᠠᠪᠬᠤᠷ ᠳᠠᠩᠰᠤᠭ ᠪᠠᠶᠢᠰᠢᠩ ᠪᠠᠷᠢᠵᠤ ᠰᠠᠭᠤᠭᠰᠠᠨ ᠪᠠᠶᠢᠨ᠎ᠠ᠃ ᠲᠡᠬᠦᠨ ᠤ ᠦᠵᠡᠬᠦ ᠪᠡᠷ ᠡᠳᠡᠭᠡᠷ ᠨᠢ ᠴᠦᠮ ᠮᠤᠩᠭᠤᠯ ᠮᠤᠷᠢᠨ ᠡᠴᠡ ᠰᠠᠯᠵᠤ ᠴᠢᠳᠠᠬᠤ ᠦᠭᠡᠢ᠃

    《ᠪᠢ ᠬᠠᠷ᠎ᠠ ᠪᠠᠭ᠎ᠠ ᠡᠴᠡ ᠪᠠᠨ ᠮᠤᠷᠢ ᠤᠨᠤᠭᠰᠠᠨ ᠪᠤᠯᠬᠤᠷ ᠠᠶᠤᠬᠤ ᠶᠢ ᠶᠡᠷᠦ ᠮᠡᠳᠡᠬᠦ ᠦᠭᠡᠢ᠂ ᠠᠪᠤ ᠮᠢᠨᠢ ᠨᠠᠮ᠎ᠠ ᠢᠢ ᠮᠤᠷᠢᠨ ᠤ ᠨᠢᠷᠤᠭᠤᠨ ᠲᠡᠭᠡᠷ᠎ᠡ ᠭᠠᠷᠭᠠᠪᠠᠯ ᠠᠶᠠᠨᠳᠠᠭᠠᠨ ᠤᠨᠤᠭᠠᠳ ᠰᠤᠷᠴᠢᠬᠠᠨ᠎ᠠ᠃ ᠨᠠᠰᠤ ᠨᠡᠮᠡᠭᠳᠡᠬᠦ ᠶᠢ ᠲᠠᠭᠠᠯᠳᠤᠨ ᠤᠯᠠᠮ ᠮᠤᠷᠢ ᠤᠨᠤᠬᠤ ᠪᠠᠬᠠᠨ ᠳᠤ ᠤᠷᠤᠵᠤ᠂ ᠠᠷᠪᠠᠨ ᠲᠠᠪᠤᠳᠠᠢ ᠳᠤ ᠪᠡᠨ ᠪᠠᠰᠠ ᠬᠠᠷᠪᠢᠨ ᠤ ᠮᠤᠷᠢᠨ ᠮᠡᠷᠬᠡᠵᠢᠯ ᠤᠨ ᠠᠩᠬᠢ ᠳᠤ ᠡᠮᠨᠢᠭ ᠰᠤᠷᠭᠠᠬᠤ ᠪᠠ ᠮᠤᠷᠢ ᠤᠷᠤᠯᠳᠤᠬᠤ ᠢᠢ ᠲᠤᠰᠬᠠᠶᠢᠯᠠᠨ ᠰᠤᠷᠴᠤ ᠪᠠᠶᠢᠭᠰᠠᠨ》ᠬᠡᠵᠤ ᠠᠯᠳᠠᠠᠧᠴᠢᠷ ᠶᠠᠷᠢᠨ᠎ᠠ᠃

    《ᠬᠠᠷᠪᠢᠨ ᠡᠴᠡ ᠭᠠᠨᠵᠤᠭ᠎ᠠ ᠲᠦᠬᠦᠷᠡᠩ ᠪᠤᠴᠠᠵᠤ ᠢᠷᠡᠭᠰᠡᠨ᠂ ᠮᠤᠷᠢᠨ ᠤ ᠲᠤᠬᠠᠢ ᠦᠵᠡᠯᠳᠡ ᠲᠠᠨᠢᠯᠳᠠ ᠳᠤ ᠤᠯᠠᠨ ᠠᠷᠪᠢᠨ ᠬᠤᠪᠢᠷᠠᠯᠳᠠ ᠭᠠᠷᠤᠭᠰᠠᠨ ᠶᠤᠮ᠂ ᠮᠦᠨ ᠶᠠᠭ ᠡᠨᠡ ᠨᠢᠬᠡ ᠵᠢᠯ ᠤᠨ ᠰᠤᠷᠤᠯᠴᠠᠯᠭ᠎ᠠ ᠡᠴᠡ〈ᠮᠤᠷᠢᠳᠠᠨ ᠦᠨᠳᠦᠰᠦᠳᠡᠨ ᠤ ᠠᠮᠢᠳᠤᠷᠠᠯ〉 ᠳᠤ ᠪᠠᠬᠠᠷᠬᠠᠯ ᠳᠦᠷᠦᠭᠳᠡᠨ᠂ ᠰᠢᠨᠵᠢᠯᠡᠬᠦ ᠤᠬᠠᠭᠠᠨᠴᠢ ᠲᠠᠨᠢᠯᠳᠠ ᠲᠠᠢ ᠪᠤᠯᠤᠭᠰᠠᠨ ᠳᠡᠳᠦᠢ ᠦᠬᠡᠢ ᠮᠤᠩᠭᠤᠯ ᠮᠤᠷᠢᠨ ᠤ ᠡᠬᠦᠯᠳᠡᠷ ᠰᠠᠶᠢᠵᠢᠷᠠᠭᠤᠯᠬᠤ ᠠᠵᠢᠯ ᠢ ᠬᠢᠵᠤ ᠡᠬᠢᠯᠡᠭᠰᠡᠨ》ᠬᠡᠵᠤ ᠠᠯᠳᠠᠠᠧᠴᠢᠷ ᠪᠠᠰᠠ ᠶᠠᠷᠢᠯ᠎ᠠ᠃

    2006 ᠤᠨ ᠳᠤ᠂ ᠠᠯᠳᠠᠠᠧᠴᠢᠷ ᠠᠪᠤ ᠶᠢᠨ ᠢᠶᠡᠨ ᠲᠡᠮᠵᠢᠯᠭᠡ ᠪᠡᠷ 3.5 ᠲᠦᠮᠡᠨ ᠲᠦᠬᠦᠷᠢᠭ᠌᠌ ᠤᠨ ᠪᠡᠯᠡᠨ ᠮᠦᠩᠬᠦ ᠪᠤᠯᠤᠨ ᠠᠷᠪᠠᠨ ᠮᠤᠷᠢ ᠪᠡᠷ ᠬᠠᠯᠠᠭᠤᠨ ᠴᠢᠰᠤᠨ ᠤᠳᠤᠮ ᠤᠨ ᠠᠵᠢᠷᠭ᠎ᠠ ᠰᠤᠯᠢᠵᠤ ᠠᠪᠴᠠᠢ᠃ ᠡᠬᠦᠯᠳᠡᠷ ᠰᠠᠶᠢᠵᠢᠷᠠᠭᠤᠯᠤᠭᠰᠠᠨ ᠤ ᠲᠠᠷᠠᠭ᠎ᠠ ᠳᠡᠳᠡᠨ ᠤ ᠮᠤᠷᠢ ᠬᠠᠯᠠᠭᠤᠨ ᠴᠢᠰᠤᠨ ᠤᠳᠤᠮ ᠤᠨ ᠪᠤᠯᠤᠨ ᠮᠤᠩᠭᠤᠯ ᠮᠤᠷᠢᠨ ᠤ ᠤᠳᠤᠮ ᠤᠨ ᠲᠠᠪᠠᠭᠤᠯᠢᠭ ᠢ ᠬᠠᠮᠤᠷᠤᠨ ᠰᠤᠭᠤᠶᠢᠭᠰᠠᠨ ᠦᠨᠳᠦᠷ ᠪᠡᠶ᠎ᠡ ᠲᠠᠢ᠂ ᠬᠤᠷᠳᠤᠨ ᠬᠦᠶᠦᠳᠡᠯ ᠲᠠᠢ᠂ ᠳᠠᠭᠠᠭᠠᠮᠠᠭᠠᠢ᠂ ᠬᠦᠢᠳᠡᠨ ᠳᠤ ᠳᠡᠰᠪᠦᠷᠢᠳᠡᠢ ᠪᠤᠯᠵᠠᠢ᠃ 《ᠴᠡᠪᠡᠷ ᠴᠢᠰᠦᠨ ᠡᠬᠦᠯᠳᠡᠷ ᠤᠨ ᠮᠤᠷᠢ ᠪᠤᠯᠤᠨ ᠮᠤᠩᠭᠤᠯ ᠮᠤᠷᠢ ᠢᠢ ᠡᠷᠯᠢᠰᠡᠵᠢᠭᠦᠯᠦᠭᠰᠡᠨ ᠤᠨᠠᠭ᠎ᠠ ᠦᠨ᠎ᠡ ᠳᠤ ᠬᠦᠷᠳᠡᠭ᠃ ᠲᠤᠬᠠᠢ ᠶᠢᠨ ᠦᠶ᠎ᠡ ᠳᠤ ᠮᠦᠨ ᠬᠤᠶᠠᠷ ᠭᠤᠷᠪᠠᠨ ᠲᠦᠮᠡᠨ ᠲᠦᠬᠦᠷᠢᠭ᠌᠌ ᠢᠶᠡᠷ ᠵᠠᠷᠤᠳᠠᠭ ᠪᠠᠶᠢᠭᠰᠠᠨ》ᠬᠡᠵᠤ ᠠᠯᠳᠠᠠᠧᠴᠢᠷ ᠶᠠᠷᠢᠨ᠎ᠠ᠃ ᠳᠡᠳᠡᠨ ᠤ ᠬᠢᠨ ᠤᠳᠤ ᠪᠡᠷ ᠵᠦᠪᠭᠡᠨ ᠴᠡᠪᠡᠷ ᠴᠢᠰᠤᠨ ᠡᠬᠦᠯᠳᠡᠷ ᠤᠨ ᠠᠵᠢᠷᠭ᠎ᠠ 39 ᠪᠠᠶᠢᠭ᠎ᠠ ᠠᠵᠢ᠃

    《ᠠᠳᠤᠭᠤ ᠲᠡᠵᠢᠬᠡᠵᠤ ᠪᠠᠶᠡᠵᠢᠨ᠎ᠠ ᠬᠡᠰᠡᠨ ᠢ ᠬᠡᠨ ᠪᠤᠳᠤᠵᠤ ᠤᠯᠬᠤ ᠪᠤᠢ᠂ ᠬᠠᠭᠤᠴᠢᠨ ᠪᠤᠳᠤᠯ ᠳᠤ ᠶᠡᠷᠤᠨᠢ ᠮᠠᠯᠴᠢᠨ ᠠᠶᠢᠯ ᠤᠨ ᠦᠬᠡᠷ ᠮᠠᠯ ᠨᠢ ᠠᠷᠪᠢᠳᠬᠤ ᠲᠤᠳᠤᠮ ᠤᠯᠠᠮ ᠪᠠᠶᠠᠨ ᠪᠤᠯᠳᠠᠭ ᠶᠤᠮ ᠡ》ᠬᠡᠵᠤ ᠪᠠᠭᠠᠳᠤᠷ ᠭᠤᠸᠠᠢ ᠬᠡᠯᠡᠵᠠᠢ᠃ ᠤᠳᠤ ᠪᠠᠭᠠᠳᠤᠷ ᠤᠨ ᠬᠢᠨ ᠬᠤᠶᠠᠷ ᠲᠦᠮᠡ ᠭᠠᠷᠤᠢ ᠮᠤ ᠪᠡᠯᠴᠢᠬᠡᠷ ᠲᠡᠭᠡᠨ ᠪᠦᠷ ᠠᠳᠤᠭᠤ ᠬᠠᠷᠢᠭᠤᠯᠬᠤ ᠪᠤᠯᠵᠠᠢ᠂ ᠡᠬᠦᠨ ᠢ ᠤᠷᠢᠳᠤ ᠨᠢ ᠪᠤᠳᠤᠵᠤ ᠴᠤ ᠦᠵᠡᠬᠡ ᠦᠬᠡᠢ ᠬᠡᠨ᠎ᠡ᠃

    38 ᠨᠠᠰᠤᠲᠠᠢ ᠠᠯᠳᠠᠨᠬᠤᠶᠠᠭ ᠪᠤᠯ ᠰᠢᠯᠢᠩᠬᠤᠳᠠ ᠶᠢᠨ ᠪᠤᠯᠠᠭᠠᠨ ᠰᠤᠮᠦ ᠶᠢᠨ ᠶᠠᠳᠠᠭᠤ ᠶᠢᠨ ᠲᠠᠩᠰᠠᠨ ᠳᠤ ᠤᠷᠤᠭᠰᠠᠨ ᠺᠠᠷᠲ ᠲᠠᠢ ᠡᠷᠦᠬᠡ ᠶᠤᠮ᠃ ᠡᠨᠡ ᠵᠢᠯ ᠤᠨ 3 ᠰᠠᠷ᠎ᠡ ᠳᠤ ᠲᠡᠷᠡᠪᠡᠷ ᠰᠢᠯᠢᠩᠬᠤᠳᠠ ᠶᠢᠨ ᠡᠮᠦᠨ᠎ᠡ ᠬᠡᠰᠡᠭ ᠲᠤ ᠪᠠᠶᠢᠷᠢᠯᠠᠭ᠎ᠠ ᠭᠠᠷᠤᠳᠢ ᠮᠤᠷᠢᠨ ᠤ ᠲᠠᠯᠠᠪᠠᠢ ᠳᠤ ᠠᠵᠢᠯᠯᠠᠠ᠂ ᠰᠠᠷ᠎ᠠ ᠶᠢᠨ 5000 ᠲᠦᠬᠦᠷᠢᠭ᠌᠌ ᠤᠨ ᠴᠠᠯᠢᠩ ᠠᠪᠴᠠᠢ᠃

    《ᠪᠠᠭ᠎ᠠ ᠡᠴᠡ ᠪᠡᠨ ᠮᠤᠷᠢ ᠤᠨᠤᠳᠠᠭ᠂ ᠭᠡᠪᠡᠴᠤ ᠮᠤᠷᠢ ᠤᠨᠤᠭᠠᠳ ᠡᠶᠢᠮᠤ ᠤᠷᠤᠯᠭ᠎ᠠ ᠤᠯᠤᠨ᠎ᠠ ᠭᠡᠵᠤ ᠵᠡᠬᠦᠳᠦᠯᠡᠬᠡ ᠴᠤ ᠦᠭᠡᠢ》ᠭᠡᠵᠤ ᠠᠯᠲᠠᠨᠬᠤᠶᠠᠭ ᠶᠠᠷᠢᠪᠠ᠃ ᠳᠡᠬᠦᠨ ᠤ ᠪᠠᠶᠢᠭ᠎ᠠ ᠭᠠᠷᠤᠳᠢ ᠮᠤᠷᠢᠨ ᠤ ᠲᠠᠯᠠᠪᠠᠢ ᠤᠳᠤ ᠪᠡᠷ 15 ᠮᠣᠩᠭᠣᠯ ᠤᠨᠤᠭᠠᠴᠢ ᠲᠠᠢ᠂ ᠲᠡᠳᠡᠨ ᠤ 6 ᠨᠢ ᠶᠠᠳᠠᠭᠤ ᠬᠦᠴᠢᠷᠳᠡᠯᠲᠠᠢ ᠠᠶᠢᠯ ᠤᠨ ᠬᠡᠤᠬᠡᠳ᠃ ᠲᠡᠳᠡ ᠵᠢᠭᠤᠯᠴᠢᠳ ᠪᠤᠯᠤᠨ ᠬᠡᠷᠡᠯ ᠵᠢᠷᠤᠭ ᠤᠨ ᠪᠠᠬᠠᠳᠠᠳ ᠲᠤ ᠮᠤᠷᠢᠨ ᠮᠡᠷᠭᠡᠵᠢᠯ ᠲᠤᠭᠯᠠᠬᠤ᠂ ᠮᠤᠷᠢ ᠤᠷᠭᠠᠯᠠᠬᠤ᠂ ᠮᠤᠷᠢᠨ ᠳᠡᠭᠡᠷ᠎ᠠ ᠡᠴᠡ ᠬᠠᠳᠠᠭ ᠰᠢᠭᠦᠷᠡᠬᠦ ᠵᠡᠷᠭᠡ ᠤᠯᠠᠮᠵᠢᠯᠠᠯᠲᠤ ᠮᠤᠷᠢᠨ ᠮᠡᠷᠭᠡᠵᠢᠯ ᠢ ᠲᠤᠭᠯᠠᠵᠤ ᠦᠵᠡᠭᠦᠯᠳᠡᠭ᠃

    ᠮᠦᠩᠬᠡ ᠪᠤᠯ ᠠᠪᠠᠭ᠎ᠠ ᠬᠤᠰᠢᠭᠤᠨ ᠤ ᠶᠡᠬᠡᠭᠤᠤᠯ ᠰᠤᠮᠤ ᠶᠢᠨ ᠶᠡᠬᠡᠠᠤᠰᠤ ᠭᠠᠴᠠᠭᠠᠨ ᠤ ᠨᠡᠷᠡᠲᠡᠢ ᠠᠳᠤᠭᠤᠴᠢᠨ᠂ ᠦᠪᠡᠷ ᠢᠶᠡᠨ 300 ᠭᠠᠷᠤᠢ ᠠᠳᠤᠭᠤ ᠲᠠᠢ᠂ ᠵᠢᠯ ᠳᠤ 40 ᠲᠦᠮᠡᠨ ᠲᠦᠬᠦᠷᠢᠭ᠌ ᠤᠨ ᠤᠷᠤᠯᠭ᠎ᠠ ᠤᠯᠳᠠᠭ᠃ ᠴᠡᠭᠡ ᠬᠤᠳᠠᠯᠳᠤᠬᠤ ᠪᠤᠯᠤᠨ ᠬᠡᠷᠡᠯ ᠵᠢᠷᠤᠭ ᠤᠨ ᠪᠠᠬᠠᠳᠠᠳ ᠲᠤ ᠮᠤᠷᠢ ᠤᠷᠭᠠᠯᠠᠬᠤ᠂ ᠮᠤᠷᠢ ᠤᠷᠤᠯᠳᠤᠵᠤ ᠦᠵᠡᠭᠦᠯᠬᠦ ᠨᠢ ᠲᠡᠭᠦᠨ ᠤ ᠤᠷᠤᠯᠭ᠎ᠠ ᠶᠢᠨ ᠭᠤᠤᠯ ᠢᠷᠡᠯᠲᠡ᠃ ᠮᠦᠩᠬᠡ᠄《ᠰᠡᠭᠦᠯ ᠤᠨ ᠬᠡᠳᠦᠨ ᠵᠢᠯ ᠬᠦᠮᠦᠰ ᠴᠡᠭᠡ ᠶᠢᠨ ᠠᠰᠢᠭ ᠰᠢᠮ᠎ᠠ ᠶᠢ ᠮᠡᠳᠡᠳᠡᠭ ᠪᠤᠯᠤᠭᠰᠠᠨ ᠢᠶᠡᠷ ᠤᠤᠭᠤᠬᠤ ᠬᠦᠮᠦᠨ ᠠᠷᠪᠢᠳᠴᠠᠢ᠃ ᠵᠢᠯ ᠪᠤᠯᠭᠠᠨ ᠤ 5 ᠡᠴᠡ 7 ᠰᠠᠷ᠎ᠠ ᠪᠤᠯ ᠴᠡᠭᠡ ᠬᠢᠬᠦ ᠤᠯᠠᠷᠢᠯ᠂ ᠮᠠᠨ ᠤ ᠴᠡᠬᠡ ᠬᠡᠷᠡᠭᠴᠡᠭᠡ ᠶᠢ ᠬᠠᠩᠭᠠᠵᠤ ᠬᠦᠷᠬᠦ ᠦᠭᠡᠢ ᠪᠤᠯᠵᠤ᠂ ᠵᠠᠬ᠎ᠠ ᠵᠡᠭᠡᠯᠢ ᠶᠢᠨ ᠬᠦᠷᠦᠯᠴᠡᠭᠡ ᠮᠠᠭᠤ ᠭᠡᠵᠤ ᠶᠡᠷᠦ ᠨᠢ ᠵᠤᠪᠠᠬᠤ ᠴᠢᠬᠤᠯᠠ ᠦᠭᠡᠢ》ᠭᠡᠯ᠎ᠠ᠃

    《ᠮᠤᠷᠢᠲᠠᠨ ᠦᠨᠳᠦᠰᠦᠲᠡᠨ》ᠮᠤᠷᠢᠨ ᠳᠤ ᠪᠡᠨ ᠳᠠᠬᠢᠨ ᠮᠤᠷᠳᠠᠪᠠ

    ᠵᠦᠪᠬᠡᠨ ᠰᠢᠯᠢ ᠶᠢᠨ ᠭᠤᠤᠯ ᠠᠶᠢᠮᠠᠭ ᠲᠤ ᠵᠢᠯ ᠪᠦᠷᠢ ᠬᠡᠲᠤᠨ ᠵᠠᠭᠤᠭᠠᠳ ᠶᠡᠬᠡ ᠪᠠᠭ᠎ᠠ ᠮᠤᠷᠢᠨ ᠤᠷᠤᠯᠳᠤᠭᠠᠨ ᠲᠠᠢ᠃ ᠰᠢᠯᠢ ᠶᠢᠨ ᠭᠤᠤᠯ ᠠᠶᠢᠮᠠᠭ ᠤᠨ ᠭᠡᠷᠡᠯ ᠵᠢᠷᠤᠬ ᠤᠨ ᠨᠡᠶᠢᠭᠡᠮᠯᠢᠭ᠌ ᠤᠨ ᠲᠡᠷᠢᠭᠦᠯᠡᠭᠴᠢ ᠾᠧ ᠫᠢᠩ ᠵᠢᠯ ᠪᠤᠯᠭᠠᠨ ᠡᠯ᠎ᠠ ᠭᠠᠵᠠᠷ ᠡᠴᠡ ᠬᠦᠷᠦᠯᠴᠡᠨ ᠢᠷᠡᠭᠰᠡᠨ ᠬᠡᠲᠤᠨ ᠮᠢᠩᠭᠠᠭᠠᠳ ᠬᠡᠷᠡᠯ ᠵᠢᠷᠤᠭ ᠤᠨ ᠪᠠᠬᠠᠳᠠᠳ ᠢ ᠬᠦᠯᠢᠶᠡᠨ ᠠᠪᠴᠤ ᠠᠳᠤᠭᠤᠨ ᠰᠦᠷᠦᠭ ᠪᠤᠯᠤᠨ ᠮᠤᠷᠢᠨ ᠮᠡᠷᠭᠡᠵᠢᠯ ᠤᠨ ᠦᠵᠡᠭᠦᠯᠦᠯᠭᠡ ᠶᠢ ᠵᠢᠷᠤᠭᠯᠠᠳᠠᠭ᠃ ᠳᠠᠪᠬᠢᠨ ᠲᠤᠪᠳᠤᠯᠤᠭ᠎ᠠ ᠠᠳᠤᠭᠤᠨ ᠰᠦᠷᠦᠭ᠂ ᠮᠤᠷᠢ ᠤᠷᠭᠠᠯᠠᠵᠤ ᠪᠠᠶᠢᠭ᠎ᠠ ᠮᠣᠩᠭᠣᠯ ᠡᠷ᠎ᠠ᠂ ᠮᠤᠷᠢᠨ ᠳᠡᠭᠡᠷ᠎ᠠ ᠡᠴᠡ ᠬᠠᠳᠠᠭ ᠰᠢᠭᠦᠷᠡᠬᠦ ᠵᠡᠷᠭᠡ ᠤᠷ᠎ᠠ ᠮᠡᠷᠭᠡᠵᠢᠯ ᠨᠢ ᠳᠡᠳᠡᠨᠡᠷ ᠢ ᠡᠨᠡ ᠨᠤᠳᠤᠭ ᠲᠤ ᠠᠬᠢᠨ ᠳᠠᠬᠢᠨ ᠰᠠᠭᠠᠳᠠᠭᠤᠯᠬᠤ《ᠰᠢᠯᠳᠠᠭ》ᠪᠤᠯᠵᠠᠢ᠃

    ᠲᠠᠶᠢᠸᠠᠨ ᠤ ᠬᠡᠷᠡᠯ ᠵᠢᠷᠤᠭ ᠤᠨ ᠪᠠᠬᠠᠳᠠᠨ ᠸᠠᠩ ᠭᠦ᠋ ᠱᠠᠨ ᠨᠢᠳᠤᠨᠤᠨ ᠤ ᠡᠪᠤᠯ ᠵᠤᠨ ᠬᠤᠶᠠᠷ ᠤᠯᠠᠷᠢᠯ ᠢᠶᠡᠷ ᠦᠪᠦᠷ ᠮᠣᠩᠭᠣᠯ ᠳᠤ ᠢᠷᠡᠵᠤ ᠠᠳᠤᠭᠤ ᠵᠢᠷᠤᠭᠯᠠᠪᠠ᠃ 《ᠡᠪᠤᠯ ᠪᠤᠯᠤᠨ ᠵᠤᠨ ᠵᠢᠷᠤᠭᠯᠠᠬᠤ ᠮᠡᠳᠡᠷᠡᠮᠵᠢ ᠶᠡᠬᠡ ᠤᠨᠳᠤᠤ᠂ ᠵᠤᠨ ᠵᠢᠷᠤᠭᠯᠠᠭᠰᠠᠨ ᠪᠤᠯᠪᠠᠴᠤ ᠡᠪᠤᠯ ᠪᠠᠰᠠ ᠳᠠᠬᠢᠨ ᠢᠷᠡᠵᠤ ᠵᠢᠷᠤᠭᠯᠠᠬᠤ ᠶᠢ ᠬᠦᠰᠡᠳᠡᠭ᠃ ᠬᠠᠷᠠᠭ᠎ᠠ ᠠᠯᠳᠠᠮ᠎ᠠ ᠠᠭᠤᠳᠠᠮ ᠲᠠᠯ᠎ᠠ ᠨᠤᠲᠤᠭ ᠠᠳᠠᠯᠢ ᠪᠤᠰᠤ ᠤᠯᠠᠷᠢᠯ ᠳᠤ ᠠᠳᠠᠯᠢ ᠪᠤᠰᠤ ᠶᠢᠨ ᠦᠩᠭᠡ ᠦᠵᠡᠮᠵᠢ ᠲᠠᠢ᠂ ᠮᠤᠷᠢ ᠴᠤ ᠠᠳᠠᠯᠢ ᠪᠤᠰᠤ ᠤᠯᠠᠷᠢᠯ ᠳᠤ ᠠᠳᠠᠯᠢ ᠪᠤᠰᠤ ᠶᠢᠨ ᠭᠤᠤ᠎ᠠ ᠰᠠᠶᠢᠬᠠᠨ ᠤ ᠲᠠᠭᠠᠰᠢᠶᠠᠯ ᠲᠠᠢ ᠪᠠᠶᠢᠳᠠᠭ》ᠭᠡᠯ᠎ᠠ᠃

    ᠦᠨᠦ ᠵᠢᠯ ᠤᠨ 1 ᠰᠠᠷ᠎ᠠ ᠳᠤ᠂ ᠰᠢᠯᠢ ᠶᠢᠨ ᠭᠤᠤᠯ ᠠᠶᠢᠮᠠᠭ ᠤᠨ ᠲᠠᠯ᠎ᠠ ᠨᠤᠲᠤᠭ ᠲᠤ ᠭᠠᠳᠠᠷ ᠮᠤᠵᠢ ᠤᠷᠤᠨ ᠤ ᠬᠤᠶᠠᠷ ᠮᠢᠩᠭ᠎ᠠ ᠭᠠᠷᠤᠢ ᠬᠡᠷᠡᠯ ᠵᠢᠷᠤᠭ ᠤᠨ ᠪᠠᠬᠠᠳᠠᠳ ᠬᠦᠷᠦᠯᠴᠡᠨ ᠢᠷᠡᠵᠤ ᠠᠳᠤᠭᠤ ᠵᠢᠷᠤᠭᠯᠠᠪᠠ᠃ 7 ᠰᠠᠷ᠎ᠠ ᠶᠢᠨ ᠡᠬᠢᠨ ᠳᠤ᠂ ᠲᠦᠷᠪᠡᠳᠦᠭᠡᠷ ᠬᠤᠭᠤᠴᠠᠭᠠᠨ ᠤ ᠦᠪᠦᠷ ᠮᠣᠩᠭᠣᠯ ᠤᠨ ᠤᠯᠠᠨ ᠤᠯᠤᠰ ᠤᠨ ᠮᠤᠷᠢᠨ ᠮᠡᠷᠭᠡᠵᠢᠯ ᠤᠨ ᠨᠠᠶᠢᠷ ᠦᠪᠦᠷ ᠮᠣᠩᠭᠣᠯ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠳᠤ ᠡᠬᠢᠯᠡᠪᠡ᠃

    7 ᠰᠠᠷ᠎ᠠ ᠡᠴᠡ 9 ᠰᠠᠷ᠎ᠠ ᠪᠤᠯᠲᠠᠯ᠎ᠠ᠂ ᠦᠪᠦᠷ ᠮᠣᠩᠭᠣᠯ ᠤᠨ ᠶᠢᠰᠦᠨ ᠠᠶᠢᠮᠠᠭ ᠬᠤᠲᠠ ᠶᠢ ᠬᠠᠮᠤᠷᠤᠭᠰᠠᠨ ᠮᠤᠷᠢᠨ ᠤᠷᠤᠯᠳᠤᠭᠠᠨ ᠤ ᠴᠤᠪᠤᠷᠠᠯ ᠠᠵᠢᠯᠯᠠᠭ᠎ᠠ ᠵᠠᠯᠭᠠᠪᠠᠷ ᠶᠠᠪᠤᠭᠳᠠᠨ᠎ᠠ᠂ ᠡᠭᠦᠨ ᠳᠤ᠂ ᠬᠠᠯᠠᠭᠤᠨ ᠴᠢᠰᠤᠨ ᠤᠳᠤᠮ ᠤᠨ ᠮᠤᠷᠢ ᠤᠷᠤᠯᠴᠠᠳᠠᠭ ᠤᠶᠢᠷ᠎ᠠ ᠵᠠᠢ ᠶᠢᠨ ᠤᠷᠤᠯᠳᠤᠭᠠᠨ᠂ ᠮᠣᠩᠭᠣᠯ ᠮᠤᠷᠢ ᠤᠷᠤᠯᠴᠠᠳᠠᠭ ᠬᠤᠯᠠ ᠭᠠᠵᠠᠷ ᠤᠨ ᠤᠷᠤᠯᠳᠤᠭᠠᠨ ᠪᠦᠷ ᠪᠠᠶᠢᠳᠠᠭ᠃ ᠡᠨᠡ ᠨᠢ ᠮᠤᠷᠢᠨ ᠤᠷᠤᠯᠳᠤᠭᠠᠨ ᠰᠤᠨᠢᠷᠬᠠᠬᠤ ᠳᠤᠷᠠᠲᠠᠢ ᠮᠠᠯᠴᠢᠳ ᠤᠨ ᠪᠠᠶᠠᠷ ᠤᠨ ᠡᠳᠦᠷ ᠤᠳ ᠪᠠᠶᠢᠵᠤ ᠲᠠᠭᠠᠷᠠᠨ᠎ᠠ᠃

    ᠲᠤᠮᠲᠠᠲᠤ ᠶᠢᠨ ᠦᠨᠳᠦᠰᠦᠲᠡᠨ ᠤ ᠮᠤᠷᠢᠨ ᠤᠷᠤᠯᠲᠤᠭᠠᠨ • 2017 ᠤᠨ ᠤ ᠤᠯᠠᠮᠵᠢᠯᠠᠯᠲᠤ ᠲᠡᠰᠪᠦᠷᠢ ᠲᠠᠭᠠᠭᠠᠴᠠ ᠶᠢᠨ ᠤᠷᠤᠯᠲᠤᠭᠠᠨ ( ᠬᠤᠷᠴᠢᠨ ᠵᠡᠭᠦᠨ ᠭᠠᠷᠤᠨ ᠲᠤᠮᠲᠠᠲᠤ ᠬᠤᠰᠢᠭᠤ ᠦᠷᠲᠡᠭᠡ ) 150 ᠮᠤᠷᠢ ᠤᠷᠤᠯᠲᠤᠭᠴᠢᠳ ᠤᠨ ᠠᠩᠬᠠᠷᠤᠯ ᠢ ᠲᠠᠲᠠᠵᠠᠢ᠃ 24 ᠺᠢᠯᠤᠮᠧᠲ᠋ᠷ ᠤᠷᠤᠯᠲᠤᠭᠠᠨ ᠨᠢ ᠮᠤᠩᠭ᠋ᠤᠯ ᠮᠤᠷᠢᠨ ᠤ ᠬᠠᠮᠤᠭ ᠤᠨ ᠲᠡᠰᠪᠦᠷᠢ ᠲᠠᠭᠠᠭᠠᠴᠠ ᠶᠢ ᠰᠢᠯᠭᠠᠳᠠᠭ  ᠶᠤᠮ᠃ ᠲᠤᠬᠠᠢ ᠶᠢᠨ ᠤᠷᠤᠨ ᠤ ᠮᠠᠯᠴᠢᠨ ᠪᠦᠷᠢᠨᠪᠠᠶᠠᠷ  ᠤᠨ ᠬᠤᠶᠠᠷ ᠮᠤᠷᠢ ᠨᠢ ᠲᠡᠷᠢᠬᠦᠨ᠂ ᠭᠤᠲᠠᠭᠠᠷ ᠲᠤ ᠤᠷᠤᠵᠤ 11 ᠲᠦᠮᠡᠨ ᠱᠠᠩᠨᠠᠯ ᠤᠨ ᠮᠦᠩᠬᠦ ᠬᠦᠷᠲᠡᠪᠡ᠃

    ᠮᠤᠷᠢᠨ ᠤᠷᠤᠯᠲᠤᠭᠠᠨ ᠡᠴᠡ ᠭᠠᠲᠠᠨ᠎ᠠ ᠮᠤᠩᠭ᠋ᠤᠯ ᠮᠤᠷᠢ ᠦᠪᠡᠷ ᠢ ᠪᠠᠨ ᠦᠵᠡᠬᠦᠯᠬᠦ ᠰᠢᠨ᠎ᠡ ᠴᠤᠩᠬᠤᠪᠴᠢ ᠲᠠᠢ ᠪᠤᠯᠪᠠ᠃ ᠤᠤᠯ ᠨᠢ ᠬᠦᠲᠡᠭᠡ ᠬᠡᠬᠡᠷ᠎ᠡ ᠪᠡᠷ ᠲᠠᠪᠬᠢᠯᠲᠤᠵᠤ ᠪᠠᠶᠢᠭᠰᠠᠨ ᠮᠤᠩᠭ᠋ᠤᠯ ᠠᠳᠤᠭᠤ ᠤᠷᠠᠯᠢᠭ ᠤᠨ ᠲᠠᠶᠢᠰᠠᠨ ᠳ᠋ᠤ ᠭᠠᠷᠴᠤ ᠭᠤᠤᠯ ᠲᠤᠭᠯᠠᠭᠴᠢ ᠪᠤᠯᠪᠠ᠃ 《ᠮᠤᠷᠢᠨ ᠤ ᠮᠠᠭᠲᠠᠭᠤ》᠂《ᠦᠨᠢ ᠮᠦᠩᠬᠡ ᠶᠢᠨ ᠴᠢᠩᠬᠢᠰ ᠬᠠᠭᠠᠨ》᠂《ᠮᠤᠩᠭ᠋ᠤᠯ ᠮᠤᠷᠢ》ᠵᠡᠷᠭᠡ ᠪᠡᠷ ᠰᠡᠳᠦᠪᠯᠡᠭᠰᠡᠨ ᠪᠤᠲᠠᠲᠤ ᠦᠵᠡᠭᠲᠡᠯᠲᠦ ᠵᠦᠴᠦᠬᠡ ᠨᠢ ᠬᠡᠲᠦᠨ ᠵᠢᠯ ᠢᠶᠡᠷ ᠦᠪᠦᠷ ᠮᠤᠩᠭ᠋ᠤᠯ ᠤᠨ ᠡᠯ᠎ᠡ ᠭᠠᠵᠠᠷ ᠢᠶᠡᠷ ᠲᠤᠭᠯᠠᠭᠲᠠᠵᠤ ᠵᠢᠭᠤᠯᠴᠢᠳ ᠤᠨ ᠠᠩᠬᠠᠷᠤᠯ ᠢ ᠲᠠᠲᠠᠵᠤ ᠮᠤᠩᠭ᠋ᠤᠯ ᠮᠤᠷᠢᠨ ᠤ ᠲᠤᠬᠠᠢ ᠰᠠᠭᠤᠭᠲᠠᠯ ᠨᠡᠩ ᠭᠦᠨ ᠭᠦᠨᠵᠡᠭᠡᠢ ᠪᠤᠯᠪᠠ᠃

    ᠰᠡᠬᠦᠯ ᠤᠨ ᠵᠢᠯ ᠡᠴᠡ ᠨᠠᠰᠢ᠂ ᠡᠯ᠎ᠡ ᠡᠳᠡᠬᠡᠳ ᠤᠨ ᠬᠢᠨ ᠤ ᠴᠢᠷᠮᠠᠶᠢᠯᠭ᠎ᠠ ᠪᠡᠷ ᠮᠤᠩᠭ᠋ᠤᠯ ᠮᠤᠷᠢᠨ ᠤ ᠲᠤᠭ᠎ᠠ 2007 ᠤᠨ ᠳ᠋ᠤ 69.7 ᠲᠦᠮᠡ ᠪᠠᠶᠢᠭᠰᠠᠨ ᠡᠴᠡ 2016 ᠤᠨ ᠪᠤᠯᠬᠤ ᠳ᠋ᠤ 87.7 ᠲᠦᠮᠡ ᠪᠤᠯᠪᠠ᠃ ᠮᠤᠷᠢ ᠡᠵᠡᠨ ᠲᠠᠢ ᠪᠠᠨ ᠱᠠᠩ ᠤᠯᠤᠭᠰᠠᠨ ᠢ ᠦᠵᠡᠭᠡᠳ ᠡᠪᠦᠭᠡᠨ ᠪᠠᠭᠠᠲᠤᠷ《ᠡᠨᠡ ᠪᠦᠬᠦᠨ ᠢ ᠪᠦᠷ ᠬᠦᠯᠦᠭ ᠮᠤᠷᠢ ᠠᠪᠴᠢᠷᠠᠵᠤ ᠦᠭ᠍ᠬᠦᠭ᠍ᠰᠡᠨ᠂ ᠮᠤᠷᠢᠳᠠᠨ ᠦᠨᠳᠦᠰᠦᠲᠡᠨ ᠲᠠᠬᠢᠨ ᠮᠤᠷᠢᠨ ᠳ᠋ᠠᠭᠠᠨ ᠮᠤᠷᠲᠠᠯ᠎ᠠ》ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121389036