蒙古文网站Logo
ᠰᠢᠨᠬᠤᠸᠠ ᠮᠤᠩᠭ᠋ᠤᠯ ᠨᠧᠲ

ᠪᠤᠺᠰ ᠤᠨ ᠨᠢᠬᠡᠨ ᠨᠠᠬᠢᠶ᠎ᠠ ᠬᠢᠬᠡᠳ ᠳᠡᠬᠦᠨ ᠢ ᠪᠤᠶᠢᠵᠢᠭᠤᠯᠤᠭᠴᠢ

2017-08-03 11:10

    ᠰᠢᠨᠬᠤᠧᠠ ᠮᠤᠩᠭᠤᠯ ᠨᠧᠲ   ᠬᠦᠬᠡᠬᠤᠳᠠ ᠶᠢᠨ 8 ᠰᠠᠷ᠎ᠠ ᠶᠢᠨ 3 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ᠂ ᠬᠡᠤᠬᠡᠨᠰᠤᠯᠢ) ᠠᠷᠪᠠᠨ ᠳᠠᠪᠤᠳᠠᠢ ᠮᠤᠩᠭᠤᠯ ᠦᠬᠢᠨ ᠤᠯᠤᠰ ᠤᠨ ᠳᠡᠰ ᠤᠨ ᠪᠤᠺᠰ ᠤᠨ ᠳᠡᠮᠡᠴᠡᠬᠡᠨ ᠤ ᠠᠯᠳᠠ ᠶᠢ ᠰᠢᠬᠦᠷᠦᠭᠰᠡᠨ ᠰᠠᠶᠢᠬᠠᠨ ᠰᠤᠷᠠᠭ ᠢᠶᠡᠷ ᠰᠤᠨᠤᠷ ᠢᠶᠡᠨ ᠮᠢᠯᠢᠶᠠᠯᠭᠠᠭᠰᠠᠨ ᠪᠢᠳᠡ ᠭᠠᠨᠵᠤᠭ᠎ᠠ ᠳᠦᠬᠦᠷᠡᠩ ᠪᠤᠴᠠᠵᠤ ᠢᠷᠡᠭᠰᠡᠨ ᠪᠠᠭᠰᠢ ᠱᠠᠪᠢ ᠬᠤᠶᠠᠷ ᠢ ᠰᠤᠷᠪᠤᠯᠵᠢᠯᠠᠬᠤ ᠪᠡᠷ ᠬᠦᠷᠦᠭᠰᠡᠨ ᠪᠢᠯᠡ᠃ ᠡᠶᠢᠨᠬᠦ ᠬᠦᠬᠡᠬᠤᠳᠠ ᠶᠢᠨ ᠪᠡᠶ᠎ᠡ ᠶᠢᠨ ᠳᠠᠮᠢᠷ ᠤᠨ ᠰᠤᠷᠭᠠᠭᠤᠯᠢ ᠶᠢᠨ ᠰᠢᠨ᠎ᠡ ᠪᠠᠭᠤᠴᠠᠨ ᠳᠤ ᠳᠠᠰᠬᠠᠯᠵᠢᠵᠤ ᠪᠠᠶᠢᠭᠰᠠᠨ ᠠᠶᠠᠰ ᠪᠤᠯᠤᠨ ᠳᠡᠬᠦᠨ ᠤ ᠳᠠᠰᠬᠠᠯᠵᠢᠭᠤᠯᠤᠭᠴᠢ ᠮᠠᠨᠳᠠᠯᠳᠤ ᠲᠠᠢ ᠤᠴᠠᠷᠠᠯ᠎ᠠ᠃

    ᠠᠶᠠᠰ᠂ ᠤᠯᠠᠭᠠᠨᠬᠠᠳᠠ ᠬᠤᠳᠠ ᠶᠢᠨ ᠤᠩᠨᠢᠭᠤᠳ ᠬᠤᠰᠢᠭᠤᠨ ᠤ ᠬᠡᠷᠰᠡᠩ ᠰᠤᠮᠤ ᠶᠢᠨ ᠤᠪᠤᠭ᠎ᠠ ᠰᠠᠴᠢ ᠭᠠᠴᠠᠭᠠᠨ ᠳᠤ ᠨᠤᠳᠤᠭ ᠲᠠᠢ᠂ 2015 ᠤᠨ ᠳᠤ ᠬᠠᠶᠢᠯᠠᠰᠤ ᠪᠠᠯᠭᠠᠰᠤ ᠶᠢᠨ ᠮᠤᠩᠭᠤᠯ ᠳᠤᠮᠳᠠᠳᠤ ᠰᠤᠷᠭᠠᠭᠤᠯᠢ ᠳᠤ ᠰᠤᠷᠴᠤ ᠪᠠᠶᠢᠭᠰᠠᠨ ᠳᠡᠷᠡ ᠳᠠᠮᠢᠷ ᠤᠨ ᠪᠠᠭᠰᠢ ᠶᠢᠨ ᠢᠶᠡᠨ ᠰᠠᠨᠠᠭᠠᠴᠢᠯᠠᠭ᠎ᠠ ᠪᠡᠷ ᠬᠦᠬᠡᠬᠤᠳᠠ ᠶᠢᠨ ᠪᠡᠶ᠎ᠡ ᠶᠢᠨ ᠳᠠᠮᠢᠷ ᠤᠨ ᠰᠤᠷᠭᠠᠭᠤᠯᠢ ᠳᠤ ᠪᠤᠺᠰ ᠰᠤᠷᠬᠤ ᠪᠡᠷ ᠬᠦᠷᠴᠤ ᠢᠷᠡᠵᠡᠢ᠃ 《ᠤᠳᠠᠭ᠎ᠠ ᠪᠤᠯᠭᠠᠨ ᠴᠤᠬᠢᠯᠳᠤᠨ᠎ᠠ ᠤᠷᠤᠯᠳᠤᠨ᠎ᠠ ᠬᠡᠭᠰᠡᠬᠡᠷ ᠪᠢ ᠬᠠᠮᠤᠭ ᠡᠴᠡ ᠢᠳᠡᠪᠬᠢᠳᠡᠢ ᠬᠦᠶᠦᠵᠤ ᠬᠦᠷᠳᠡᠭ᠂ ᠦᠪᠡᠷ ᠢᠶᠡᠨ ᠶᠡᠬᠡ ᠪᠠᠬ᠎ᠠ ᠲᠠᠢ ᠪᠤᠯᠬᠤᠷ ᠳᠠᠰᠬᠠᠯ ᠨᠠᠳᠠ ᠳᠤ ᠳᠡᠶᠢᠮᠤ ᠬᠠᠯᠠ ᠲᠠᠢ ᠰᠠᠨᠠᠭᠳᠠᠳᠠᠭ ᠦᠬᠡᠢ᠃ ᠮᠠᠨ ᠤ ᠰᠤᠷᠭᠠᠭᠤᠯᠢ ᠶᠢᠨ ᠬᠤᠭᠤᠯᠠ ᠮᠠᠰᠢ ᠠᠮᠳᠠᠳᠠᠢ》 ᠬᠡᠵᠤ ᠬᠦᠬᠡᠷᠦᠨ ᠶᠠᠷᠢᠭᠰᠠᠨ ᠡᠨᠡ ᠵᠢᠭᠠᠯ ᠦᠬᠢᠨ ᠤ ᠦᠬᠡᠨ ᠳᠤ ᠪᠤᠺᠰ ᠤᠨ ᠳᠠᠰᠬᠠᠯ ᠤᠨ ᠳᠡᠷᠡ ᠶᠡᠬᠡ ᠬᠠᠯᠠ ᠶᠢ ᠳᠤᠭᠤᠵᠤ ᠦᠵᠡᠳᠡᠭ ᠦᠬᠡᠢ ᠨᠢ ᠢᠯᠡ ᠪᠠᠶᠢᠯ᠎ᠠ᠃ ᠬᠠᠷᠢᠨ ᠬᠦᠳᠡᠬᠡ ᠶᠢᠨ ᠪᠤᠷᠤ ᠦᠬᠢᠨ ᠳᠤ ᠪᠠᠶᠢᠳᠠᠭ ᠳᠡᠰᠪᠦᠷᠢ ᠳᠠᠭᠠᠭᠠᠴᠠ᠂ ᠪᠠᠰᠠ ᠴᠠᠭᠠᠨ᠎ᠠ ᠡᠴᠡ ᠪᠡᠨ ᠠᠪᠢᠶᠠᠰᠤᠯᠢᠭ ᠪᠠᠬ᠎ᠠ ᠰᠤᠨᠢᠷᠬᠠᠯ᠂ ᠵᠠᠪᠠᠯ ᠢᠯᠠᠨ᠎ᠠ ᠬᠡᠰᠡᠨ ᠰᠢᠨᠳᠠᠰᠤ ᠵᠤᠷᠢᠭ ᠮᠡᠳᠡᠷᠡᠭᠳᠡᠵᠤ ᠪᠠᠶᠢᠪᠠ᠃

    ᠠᠶᠠᠰ ᠦᠬᠢᠨ ᠳᠤᠰ ᠰᠤᠷᠭᠠᠭᠤᠯᠢ ᠳᠤ ᠢᠷᠡᠵᠤ ᠪᠤᠺᠰ ᠤᠨ ᠮᠡᠷᠬᠡᠵᠢᠯ ᠢᠶᠡᠷ ᠳᠠᠰᠬᠠᠯᠵᠢᠭᠰᠠᠨ ᠤᠬᠤᠷᠬᠠᠨ ᠬᠤᠶᠠᠷ ᠵᠢᠯ ᠭᠠᠷᠤᠢ ᠶᠢᠨ ᠬᠤᠭᠤᠴᠠᠭᠠᠨ ᠳ᠋ᠤ ᠴᠦᠬᠡᠨ ᠪᠤᠰᠤ ᠠᠮᠵᠢᠯᠳᠠ ᠪᠦᠳᠦᠮᠵᠢ ᠭᠠᠷᠭᠠᠭᠰᠠᠨ ᠪᠠᠶᠢᠯ᠎ᠠ᠃ ᠳᠡᠷᠡ 2016 ᠤᠨ ᠤ ᠤᠯᠠᠨ ᠤᠯᠤᠰ ᠤᠨ ᠵᠠᠯᠠᠭᠤᠴᠤᠳ ᠪᠠᠭᠠᠴᠤᠳ ᠤᠨ ᠪᠤᠺᠰ ᠤᠨ ᠤᠷᠢᠯᠭ᠎ᠠ ᠶᠢᠨ ᠳᠡᠮᠡᠴᠡᠬᠡᠨ ᠤ ᠠᠯᠳᠠ᠂ 2016 ᠤᠨ ᠤ ᠤᠷᠤᠨ ᠲᠠᠶᠠᠭᠠᠷ ᠤᠨ ᠵᠠᠯᠠᠭᠤᠴᠤᠳ ᠪᠠᠭᠠᠴᠤᠳ ᠤᠨ ᠪᠤᠺᠰ ᠤᠨ ᠳᠡᠮᠡᠴᠡᠬᠡᠨ ᠪ ᠮᠦᠩᠬᠦ᠂ 2017 ᠤᠨ ᠤ ᠪᠤᠺᠰ ᠤᠨ ᠵᠤᠯᠭᠠᠯᠳᠠ ᠳᠡᠮᠡᠴᠡᠬᠡᠨ ᠤ ᠠᠯᠳᠠ᠂ 2017 ᠤᠨ ᠤ ᠤᠯᠠᠨ ᠤᠯᠤᠰ ᠤᠨ ᠵᠠᠯᠠᠭᠤᠴᠤᠳ ᠪᠠᠭᠠᠴᠤᠳ ᠤᠨ ᠪᠤᠺᠰ ᠤᠨ ᠰᠤᠷᠢᠯᠳᠠ ᠳᠡᠮᠡᠴᠡᠬᠡᠨ ᠤ ᠠᠯᠳᠠ ᠵᠡᠷᠬᠡ ᠶᠢ ᠰᠢᠬᠦᠷᠴᠤ᠂ ᠰᠠᠶ᠊ᠢᠬᠠᠨ ᠱᠠᠨᠳᠦ᠋ᠩ ᠤᠨ ᠽᠢᠪᠦ᠋ᠧᠧ ᠬᠤᠳᠠ ᠳᠤ ᠪᠤᠯᠤᠭᠰᠠᠨ ᠤᠯᠤᠰ ᠲᠠᠶᠠᠭᠠᠷ ᠤᠨ ᠪᠠᠭᠠᠴᠤᠳ ᠤᠨ ᠪᠤᠺᠰ ᠤᠨ ᠳᠡᠮᠡᠴᠡᠬᠡᠨ ᠤ 52 ᠺᠢᠯᠤᠭ᠍ᠷᠠᠮ ᠤᠨ ᠬᠦᠨᠳᠦ ᠶᠢᠨ ᠵᠢᠩ ᠳᠤ ᠵᠢᠶᠠᠩᠰᠢ ᠶᠢᠨ ᠳᠦᠯᠦᠬᠡᠯᠡᠬᠦ ᠪᠠᠭ ᠤᠨ ᠳᠠᠮᠢᠷᠴᠢᠨ ᠲᠠᠢ ᠳᠡᠳ᠋ ᠳᠡᠷᠢᠬᠦᠨ ᠪᠠᠶᠢᠷᠢ ᠶᠢ ᠦᠷᠢᠰᠦᠯᠳᠦᠨ ᠠᠯᠳᠠ ᠠᠪᠴᠠᠢ᠃《ᠳᠡᠷᠡ ᠤᠳᠠᠭᠠᠨ ᠤ ᠤᠷᠤᠯᠳᠤᠭᠠᠨ ᠳᠤ ᠪᠢ ᠮᠠᠰᠢ ᠴᠢᠷᠮᠠᠶᠢᠵᠤ ᠬᠠᠭᠠᠰ ᠵᠢᠯ ᠭᠠᠷᠤᠢ ᠪᠡᠯᠡᠳᠬᠡᠭᠰᠡᠨ᠂ ᠨᠠᠳᠠ ᠲᠠᠢ ᠳᠡᠳ᠋ ᠳᠡᠷᠢᠬᠦᠨ ᠪᠤᠯᠢᠶᠠᠯᠳᠤᠭᠰᠠᠨ ᠳᠠᠮᠢᠷᠴᠢᠨ ᠤ ᠭᠠᠷ ᠨᠢ ᠤᠷᠳᠤ᠂ ᠠᠩᠬ᠎ᠠ ᠡᠬᠢᠯᠡᠬᠡᠳ ᠪᠢ ᠤᠶᠢᠷᠠᠳᠤᠵᠤ ᠴᠢᠳᠠᠳᠠᠭ ᠦᠬᠡᠢ ᠪᠠᠶᠢᠯ᠎ᠠ᠃ ᠬᠡᠪᠡᠴᠤ ᠡᠴᠤᠰ ᠲᠤ ᠪᠡᠨ ᠬᠠᠰᠢᠯᠠ ᠢᠯᠠᠵᠤ ᠬᠦᠰᠡᠯ ᠢᠶᠡᠨ ᠪᠡᠶᠡᠯᠡᠬᠦᠯᠦᠭᠰᠡᠨ》 ᠬᠡᠵᠤ ᠠᠶᠠᠰ ᠪᠠᠶᠠᠷ ᠲᠠᠢ ᠶᠠᠷᠢᠪᠠ᠃

    ᠭᠠᠷ ᠤᠨ ᠱᠠᠪᠢ ᠶᠢᠨ ᠢᠶᠡᠨ ᠠᠮᠵᠢᠯᠳᠠ ᠪᠦᠳᠦᠮᠵᠢ ᠳᠤ ᠬᠡᠨ ᠡᠴᠡ ᠴᠤ ᠢᠯᠡᠬᠦᠦ ᠪᠠᠶᠠᠷᠯᠠᠵᠤ ᠤᠮᠤᠭᠰᠢᠭᠰᠠᠨ ᠳᠤᠰ ᠰᠤᠷᠭᠠᠭᠤᠯᠢ ᠶᠢᠨ ᠪᠤᠺᠰ ᠤᠨ ᠪᠠᠭ ᠤᠨ ᠭᠤᠤᠯ ᠳᠠᠰᠬᠠᠯᠵᠢᠭᠤᠯᠤᠭᠴᠢ ᠮᠠᠨᠳᠠᠯᠳᠤ ᠡᠨᠡᠬᠦ ᠢᠷᠠᠭᠤ ᠠᠯᠳᠠᠷᠳᠤ ᠠᠵᠢᠯ ᠤᠨ ᠪᠠᠶᠢᠷᠢᠨ ᠳᠤ ᠭᠠᠷᠤᠭᠠᠳ 10 ᠵᠢᠯ ᠤᠨ ᠨᠢᠭᠤᠷ ᠦᠵᠡᠵᠡᠢ᠃ 《ᠪᠢ ᠦᠪᠡᠷ ᠢᠶᠡᠨ 1996 ᠤᠨ ᠳᠤ ᠦᠪᠦᠷ ᠮᠤᠩᠭᠤᠯ ᠤᠨ ᠪᠡᠶ᠎ᠡ ᠶᠢᠨ ᠳᠠᠮᠢᠷ ᠤᠨ ᠭᠤᠷᠪᠠᠳᠤᠭᠠᠷ ᠠᠩᠬᠢ ᠳᠤ ᠪᠤᠺᠰ ᠤᠨ ᠮᠡᠷᠬᠡᠵᠢᠯ ᠢᠶᠡᠷ ᠡᠯᠰᠡᠭᠳᠡᠵᠤ ᠢᠷᠡᠭᠰᠡᠨ᠃ ᠳᠠᠰᠬᠠᠯᠵᠢᠭᠤᠯᠤᠭᠴᠢ ᠪᠤᠯᠳᠠᠯ᠎ᠠ ᠪᠡᠨ ᠡᠳᠦᠢ ᠳᠡᠳᠦᠢ ᠤᠷᠤᠯᠳᠤᠭᠠᠨ ᠳᠡᠮᠡᠴᠡᠬᠡᠨ ᠳᠤ ᠦᠷᠢᠰᠦᠯᠳᠦᠭᠰᠡᠨ ᠪᠤᠯᠪᠠᠴᠤ ᠤᠯᠠᠨ ᠤᠯᠤᠰ ᠤᠨ ᠬᠡᠮᠵᠢᠶᠡᠨ ᠳᠤ ᠠᠯᠳᠠ ᠠᠪᠴᠢᠬᠠᠮᠠᠷ ᠶᠡᠬᠡ ᠠᠮᠵᠢᠯᠳᠠ ᠭᠠᠷᠭᠠᠵᠤ ᠴᠢᠳᠠᠭ᠎ᠠ ᠦᠬᠡᠢ ᠮᠠᠨᠢ ᠨᠢᠬᠡ ᠶᠤᠰᠤᠨ ᠤ ᠬᠠᠷᠠᠮᠰᠠᠯ ᠪᠤᠯᠵᠤ ᠦᠯᠡᠳᠡᠭᠰᠡᠨ᠃ ᠮᠠᠨ ᠤ ᠰᠤᠷᠭᠠᠭᠤᠯᠢ ᠳᠤ ᠢᠷᠡᠵᠤ ᠰᠤᠷᠴᠤ ᠪᠠᠶᠢᠭ᠎ᠠ ᠬᠡᠤᠬᠡᠳ ᠤᠳ ᠴᠦᠮ 12 ᠡᠴᠡ 17 ᠨᠠᠰᠤᠨ ᠤ ᠬᠤᠭᠤᠷᠤᠨᠳᠤ ᠪᠠᠶᠢᠳᠠᠭ᠂ ᠢᠩᠬᠢᠬᠦ ᠪᠡᠷ ᠢᠶᠡᠨ ᠪᠤᠺᠰ ᠤᠨ ᠮᠡᠷᠬᠡᠵᠢᠯ ᠢᠶᠡᠷ ᠬᠦᠭᠵᠢᠬᠦ ᠳᠠᠮᠢᠷᠴᠢᠨ ᠤ ᠰᠠᠭᠤᠷᠢ ᠶᠢ ᠳᠠᠯᠪᠢᠵᠤ ᠪᠠᠶᠢᠭ᠎ᠠ ᠬᠡᠰᠡᠨ ᠦᠬᠡ᠃ ᠡᠶᠢᠮᠤ ᠪᠠᠶᠢᠳᠠᠯ ᠳᠤ ᠤᠨᠴᠠᠭᠠᠢ ᠶᠡᠬᠡ ᠠᠮᠵᠢᠯᠳᠠ ᠭᠠᠷᠤᠨ᠎ᠠ ᠬᠡᠳᠡᠭ ᠪᠠᠰᠠ ᠬᠤᠪᠤᠷ᠂ ᠡᠨᠡ ᠤᠳᠠᠭ᠎ᠠ ᠮᠢᠨᠤ ᠭᠠᠷ ᠤᠨ ᠱᠠᠪᠢ ᠠᠶᠠᠰ ᠡᠶᠢᠮᠤ ᠶᠡᠬᠡ ᠠᠮᠵᠢᠯᠳᠠ ᠭᠠᠷᠭᠠᠨ᠎ᠠ ᠬᠡᠵᠤ ᠰᠠᠨᠠᠭᠠᠨ ᠳᠤ ᠦᠬᠡᠢ》 ᠬᠡᠵᠤ ᠳᠡᠷᠡ ᠶᠠᠷᠢᠯ᠎ᠠ᠃

    ᠦᠰᠪᠦᠷᠢ ᠶᠢᠨ ᠨᠠᠰᠤᠨ ᠳ᠋ᠠᠭᠠᠨ ᠪᠠᠶᠢᠭ᠎ᠠ ᠬᠡᠤᠬᠡᠳ ᠤᠨ ᠬᠤᠪᠢ ᠳᠤ ᠵᠢᠯ ᠪᠦᠷᠢ ᠶᠢᠨ ᠳᠡᠮᠡᠴᠡᠬᠡᠨ ᠢᠶᠡᠷ ᠦᠷᠢᠰᠦᠯᠳᠦᠬᠦ ᠬᠦᠨᠳᠦ ᠶᠢᠨ ᠵᠢᠩ ᠨᠢ ᠨᠡᠮᠡᠭᠳᠡᠬᠡᠳ ᠪᠠᠶᠢᠳᠠᠭ ᠶᠠᠪᠤᠳᠠᠯ ᠳᠠᠰᠬᠠᠯᠵᠢᠭᠤᠯᠤᠭᠴᠢ ᠬᠦᠮᠦᠨ ᠳᠤ ᠠᠪᠴᠤ ᠬᠡᠯᠡᠪᠡᠯ ᠪᠠᠰᠠ ᠨᠢᠬᠡᠨ ᠬᠠᠳᠠᠭᠤ ᠰᠢᠯᠭᠠᠯᠳᠠ ᠬᠡᠯᠳᠡᠢ᠃ ᠮᠠᠨᠳᠠᠯᠳᠤ ᠱᠠᠪᠢ ᠨᠠᠷ ᠤᠨ ᠢᠶᠡᠨ ᠤᠨᠴᠠᠯᠢᠭ ᠲᠤ ᠳᠤᠬᠢᠷᠠᠭᠤᠯᠤᠨ ᠳᠠᠰᠬᠠᠯᠵᠢᠭᠤᠯᠬᠤ ᠪᠡᠯᠡᠳᠬᠡᠯ ᠢᠶᠡᠨ ᠳᠠᠰᠤᠷᠠᠯᠳᠠ ᠦᠬᠡᠢ ᠰᠢᠨᠡᠴᠢᠯᠡᠵᠤ᠂ ᠪᠠᠰᠠ ᠦᠬᠡᠷ᠎ᠡ ᠮᠤᠵᠢ ᠤᠷᠤᠨ ᠳᠤ ᠬᠦᠷᠴᠤ ᠳᠤᠬᠠᠢ ᠶᠢᠨ ᠤᠷᠤᠨ ᠤ ᠳᠠᠮᠢᠷᠴᠢᠳ ᠲᠠᠢ ᠬᠠᠮᠳᠤᠷᠠᠨ ᠡᠪᠦᠯ ᠤᠨ ᠰᠤᠷᠢᠭ᠎ᠠ ᠬᠢᠵᠤ ᠪᠠᠭ ᠤᠨ ᠬᠡᠰᠢᠬᠦᠳ ᠤᠨ ᠢᠶᠡᠨ ᠳᠦᠷᠬᠡᠨ ᠦᠰᠦᠯᠳᠡ ᠶᠢ ᠪᠡᠶᠡᠯᠡᠬᠦᠯᠳᠡᠭ ᠪᠠᠶᠢᠯ᠎ᠠ᠃ ᠡᠨᠡ ᠡᠪᠦᠯ ᠰᠤᠷᠭᠠᠭᠤᠯᠢ ᠶᠢᠨ ᠢᠶᠡᠨ ᠬᠠᠮᠳᠤ ᠶᠢᠨ ᠠᠵᠢᠯᠯᠠᠭᠠᠨ ᠤ ᠴᠢᠭᠯᠡᠯ ᠢᠶᠡᠷ ᠮᠤᠩᠭᠤᠯ ᠤᠯᠤᠰ ᠤᠨ ᠪᠤᠺᠰ ᠤᠨ ᠪᠠᠭ ᠤᠨ ᠬᠢᠨ ᠢ ᠤᠷᠢᠵᠤ᠂ ᠬᠡᠰᠢᠬᠦᠳ ᠲᠠᠢ ᠪᠡᠨ ᠬᠠᠮᠳᠤᠷᠠᠭᠤᠯᠤᠨ ᠳᠠᠰᠬᠠᠯ ᠬᠢᠬᠦ ᠳᠦᠯᠦᠪᠯᠡᠬᠡ ᠲᠠᠢ ᠪᠠᠶᠢᠬᠤ ᠪᠡᠨ ᠳᠡᠷᠡ ᠪᠠᠰᠠ ᠶᠠᠷᠢᠵᠤ ᠪᠠᠶᠢᠪᠠ᠃

    ᠶᠠᠮᠠᠷ ᠴᠤ ᠶᠠᠭᠤᠮᠠᠨ ᠤ ᠰᠠᠭᠤᠷᠢ ᠶᠢ ᠳᠠᠯᠪᠢᠨ᠎ᠡ ᠬᠡᠳᠡᠭ ᠮᠠᠰᠢ ᠬᠦᠨᠳᠦ ᠡᠬᠦᠷᠬᠡ᠂ ᠮᠠᠰᠢ ᠨᠠᠷᠢᠨ ᠠᠵᠢᠯ ᠪᠠᠶᠢᠳᠠᠭ᠃ ᠮᠠᠨᠳᠠᠯᠳᠤ ᠡᠳᠡᠬᠡᠷ ᠠᠷᠪᠠᠭᠠᠳᠬᠠᠨ ᠨᠠᠰᠤᠨ ᠤ ᠵᠢᠭᠠᠯ ᠬᠡᠤᠬᠡᠳ ᠤᠳ ᠲᠤ ᠪᠠᠭᠰᠢᠯᠠᠨ ᠪᠤᠺᠰ ᠤᠨ ᠬᠦᠯ ᠳᠤ ᠤᠷᠤᠭᠤᠯᠬᠤ ᠳ᠋ᠠᠭᠠᠨ ᠡᠴᠢᠬᠡ ᠶᠢᠨ ᠳᠠᠶᠢᠳᠠᠢ ᠬᠠᠳᠠᠭᠤ ᠰᠤᠷᠭᠠᠵᠤ᠂ ᠠᠬ᠎ᠠ ᠶᠢᠨ ᠳᠠᠶᠢᠳᠠᠢ ᠬᠠᠶᠢᠷᠠᠯᠠᠨ ᠬᠠᠷᠠᠭᠠᠯᠵᠠᠵᠤ᠂ ᠪᠠᠰᠠ ᠠᠨᠳᠠ ᠶᠢᠨ ᠳᠠᠶᠢᠳᠠᠢ ᠰᠡᠳᠬᠢᠯ ᠤᠨ ᠬᠢᠨᠢ ᠳᠦᠰᠢᠭ ᠪᠤᠯᠵᠤ ᠶᠠᠪᠤᠵᠠᠢ᠃ ᠳᠡᠬᠦᠨ ᠤ ᠭᠠᠷ ᠡᠴᠡ ᠭᠠᠷᠴᠤ ᠳᠠᠮᠢᠷ ᠤᠨ ᠠᠩᠬᠢ ᠳᠤ ᠳᠤᠰᠬᠠᠢ ᠮᠡᠷᠬᠡᠵᠢᠯ ᠢᠶᠡᠷ ᠳᠠᠰᠬᠠᠯᠵᠢᠵᠤ ᠶᠠᠪᠤᠭᠰᠠᠨ ᠨᠢᠬᠡᠨ ᠳᠠᠮᠢᠷᠴᠢᠨ ᠶᠡᠬᠡ ᠬᠠᠯᠠ ᠶᠢ ᠳᠠᠭᠠᠭᠠᠵᠤ ᠶᠠᠳᠠᠨ ᠵᠤᠷᠢᠭ ᠮᠤᠬᠤᠵᠤ ᠨᠤᠳᠤᠭ ᠪᠤᠴᠠᠬᠤ ᠬᠡᠵᠤ ᠪᠠᠶᠢᠬᠤ ᠴᠢᠮᠡᠬᠡ ᠪᠡᠷ ᠳᠡᠷᠡ ᠬᠦᠷᠴᠤ ᠤᠴᠢᠭᠠᠳ᠂ ᠬᠡᠳᠦᠨ ᠡᠳᠦᠷ ᠳᠠᠭᠠᠭᠤᠯᠤᠨ ᠰᠡᠳᠬᠢᠯ ᠤᠨ ᠦᠬᠡ ᠶᠢ ᠨᠢ ᠰᠤᠨᠤᠰᠴᠤ ᠳᠦᠬᠡᠷᠢᠭᠳᠡᠯ ᠢ ᠨᠢ ᠠᠷᠢᠯᠭᠠᠨ ᠵᠠᠮ ᠵᠢᠭᠠᠵᠤ ᠦᠭᠬᠦᠭᠰᠡᠨ ᠢᠶᠡᠷ ᠬᠤᠵᠢᠮ ᠨᠢ ᠡᠨᠡ ᠳᠠᠮᠢᠷᠴᠢᠨ ᠤᠯᠤᠰ ᠤᠨ ᠳᠡᠰ ᠤᠨ ᠳᠡᠮᠡᠴᠡᠬᠡᠨ ᠳᠤ ᠬᠦᠷᠡᠯ ᠮᠧᠳᠠᠯ ᠭᠠᠷᠳᠠᠭᠠᠳ ᠵᠤᠷᠢᠭ ᠤᠷᠤᠵᠤ ᠦᠢᠯᠡᠰ ᠲᠡᠬᠡᠨ ᠰᠢᠭᠤᠷᠬᠠᠶᠢᠯᠠᠭᠰᠠᠨ ᠳᠡᠤᠬᠡ ᠲᠠᠢ᠃

    ᠳᠠᠰᠬᠠᠯᠵᠢᠭᠤᠯᠤᠭᠴᠢ ᠪᠤᠯᠵᠤ ᠶᠠᠪᠤᠭᠰᠠᠨ 10 ᠵᠢᠯ ᠤᠨ ᠬᠤᠭᠤᠴᠠᠭᠠᠨ ᠳᠤ ᠮᠠᠨᠳᠠᠯᠳᠤ ᠳᠡᠷᠡ ᠪᠤᠯᠭᠠᠨ ᠢ ᠤᠷ᠎ᠠ ᠤᠬᠠᠭᠠᠨ ᠢᠶᠡᠷ ᠢᠶᠡᠨ ᠢᠯᠠᠨ ᠳᠤᠭᠤᠯᠵᠤ᠂ ᠪᠠᠭ ᠢᠶᠡᠨ ᠳᠠᠭᠠᠭᠤᠯᠤᠨ ᠤᠷᠤᠨ ᠤ ᠳᠤᠳᠤᠨ᠎ᠠ ᠭᠠᠳᠠᠨᠠᠬᠢ ᠳᠤᠮᠤ ᠳᠤᠮᠤ ᠤᠷᠤᠯᠳᠤᠭᠠᠨ ᠳᠡᠮᠡᠴᠡᠬᠡᠨ ᠳᠤ ᠴᠦᠬᠡᠨ ᠪᠤᠰᠤ ᠤᠷᠤᠯᠴᠠᠵᠤ ᠤᠯᠠᠨ ᠠᠯᠳᠠ ᠠᠪᠴᠠᠢ᠃ ᠡᠨᠡ ᠤᠳᠠᠭᠠᠨ ᠤ ᠤᠯᠤᠰ ᠲᠠᠶᠠᠭᠠᠷ ᠤᠨ ᠪᠠᠭᠠᠴᠤᠳ ᠤᠨ ᠪᠤᠺᠰ ᠤᠨ ᠳᠡᠮᠡᠴᠡᠬᠡᠨ ᠳᠤ ᠮᠦᠨ ᠪᠠᠭ ᠳᠠᠭᠠᠭᠤᠯᠵᠤ ᠤᠷᠤᠯᠴᠠᠨ ᠤᠯᠤᠰ ᠤᠨ ᠳᠡᠰ ᠤᠨ ᠰᠢᠯᠢᠳᠡᠭ ᠳᠠᠰᠬᠠᠯᠵᠢᠭᠤᠯᠤᠭᠴᠢ ᠶᠢᠨ ᠱᠠᠩᠨᠠᠯ ᠭᠠᠷᠳᠠᠭᠰᠠᠨ ᠶᠠᠪᠤᠳᠠᠯ ᠨᠢ ᠳᠡᠬᠦᠨ ᠤ ᠡᠴᠢᠨᠡᠨ ᠵᠢᠯ ᠤᠨ ᠬᠦᠴᠦ ᠬᠦᠯᠦᠰᠦᠨ ᠤ ᠬᠢᠨᠢ ᠦᠷᠳᠡᠭ ᠪᠠᠶᠢᠯ᠎ᠠ᠃

    ᠤᠳᠤ ᠳᠡᠷᠡᠪᠡᠷ ᠪᠠᠭ ᠢᠶᠡᠨ ᠳᠠᠭᠠᠭᠤᠯᠤᠨ ᠤᠳᠠᠯ ᠦᠬᠡᠢ ᠵᠤᠬᠢᠶᠠᠨ ᠪᠠᠶᠢᠭᠤᠯᠤᠭᠳᠠᠬᠤ ᠤᠷᠤᠨ ᠲᠠᠶᠠᠭᠠᠷ ᠤᠨ ᠪᠤᠺᠰ ᠤᠨ ᠮᠠᠩᠯᠠᠢ ᠰᠢᠯᠭᠠᠷᠠᠭᠤᠯᠬᠤ ᠳᠡᠮᠡᠴᠡᠬᠡᠨ ᠪᠤᠯᠤᠨ ᠤᠯᠤᠰ ᠲᠠᠶᠠᠭᠠᠷ ᠤᠨ ᠡᠷᠡᠭᠳᠡᠢ ᠶᠢᠨ ᠪᠤᠺᠰ ᠤᠨ ᠳᠡᠮᠡᠴᠡᠬᠡᠨ ᠳᠤ ᠪᠡᠯᠡᠳᠬᠡᠵᠤ᠂ ᠠᠶᠠᠰ ᠴᠤ ᠡᠨᠡᠬᠦ ᠳᠡᠮᠡᠴᠡᠬᠡᠨ ᠢᠶᠡᠷ ᠪᠠᠰᠠ ᠨᠢᠬᠡᠨ ᠬᠢᠯᠠᠯᠵᠠᠮ᠎ᠠ ᠠᠮᠵᠢᠯᠳᠠ ᠭᠠᠷᠭᠠᠬᠤ ᠪᠡᠷ ᠢᠳᠡᠪᠬᠢᠳᠡᠢ ᠳᠠᠰᠬᠠᠯᠵᠢᠵᠤ ᠪᠠᠶᠢᠨ᠎ᠠ᠃

ᠳᠠᠰᠬᠠᠯᠵᠢᠭᠤᠯᠤᠭᠴᠢ ᠮᠠᠨᠳᠠᠯᠳᠤ(ᠵᠡᠬᠦᠨ ᠭᠠᠷ ᠳᠠᠯ᠎ᠠ ᠡᠴᠡ ᠬᠤᠶᠠᠳᠤᠭᠠᠷ) ᠰᠢᠯᠢᠳᠡᠭ ᠳᠠᠰᠬᠠᠯᠵᠢᠭᠤᠯᠤᠭᠴᠢ ᠶᠢᠨ ᠱᠠᠩᠨᠠᠯ ᠭᠠᠷᠳᠠᠪᠠ

ᠠᠶᠠᠰ ᠳᠡᠷᠢᠬᠦᠨ ᠱᠠᠩᠨᠠᠯ ᠭᠠᠷᠳᠠᠵᠤ ᠪᠠᠶᠢᠭ᠎ᠠ ᠨᠢ

ᠳᠠᠰᠬᠠᠯᠵᠢᠭᠤᠯᠤᠭᠴᠢ ᠮᠠᠨᠳᠠᠯᠳᠤ ᠭᠠᠷ ᠤᠨ ᠱᠠᠪᠢ ᠠᠶᠠᠰ ᠲᠠᠢ ᠪᠡᠨ ᠬᠠᠮᠳᠤ

ᠳᠠᠰᠬᠠᠯᠵᠢᠭᠤᠯᠤᠭᠴᠢ ᠮᠠᠨᠳᠠᠯᠳᠤ

ᠪᠢᠴᠢᠬᠠᠨ ᠪᠤᠺᠰᠴᠢᠨ ᠠᠶᠠᠰ

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121425434