蒙古文网站Logo
ᠰᠢᠨᠬᠤᠸᠠ ᠮᠤᠩᠭ᠋ᠤᠯ ᠨᠧᠲ

ᠥᠪᠦᠷ ᠮᠣᠩᠭ᠋ᠤᠯ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠶᠢ ᠦᠰᠭᠡᠪᠡ

2017-08-03 10:55

    ᠰᠢᠨᠬᠤᠧᠠ ᠬᠤᠷᠢᠶ᠎ᠠ  ᠬᠦᠬᠡᠬᠤᠲᠠ ᠶᠢᠨ 8 ᠰᠠᠷ᠎ᠠ ᠶᠢᠨ 2 ᠤᠨ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠯᠢ ᠶᠦᠨ ᠫᠢᠩ) ᠰᠤᠷᠪᠤᠯᠵᠢᠯᠠᠬᠴᠢ ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠤ ᠬᠦᠮᠦᠨ  ᠤ ᠨᠦᠭᠡᠴᠡ ᠪᠠ ᠨᠡᠶᠢᠬᠡᠮ ᠤᠨ ᠪᠠᠳᠤᠯᠠᠭᠠᠨ ᠤ ᠲᠢᠩᠬᠢᠮ ᠡᠴᠡ ᠤᠶᠢᠯᠠᠭᠠᠭᠰᠠᠨ ᠢᠶᠡᠷ᠂ ᠥᠪᠦᠷ ᠮᠣᠩᠭ᠋ᠤᠯ 8 ᠰᠠᠷ᠎ᠠ ᠶᠢᠨ 1 ᠤ ᠡᠳᠦᠷ ᠡᠴᠡ ᠡᠬᠢᠯᠡᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠶᠢ 120 ᠲᠦᠬᠦᠷᠢᠭ᠌ ᠦᠰᠬᠡᠬᠦ ᠪᠡᠷ ᠰᠢᠢᠳᠴᠤ᠂ ᠦᠰᠦᠯᠲᠠ ᠨᠢ ᠪᠠᠷᠤᠭ 7%  ᠤᠷᠴᠢᠮ ᠬᠦᠷᠤᠭ᠍ᠰᠠᠨ ᠪᠠᠶᠢᠨ᠎ᠠ᠃

    ᠲᠠᠨᠢᠯᠴᠠᠭᠤᠯᠤᠭᠰᠠᠨ ᠢᠶᠡᠷ᠂ ᠥᠪᠦᠷ ᠮᠣᠩᠭ᠋ᠤᠯ ᠪᠦᠰᠡ ᠨᠤᠲᠤᠭ ᠤᠨ ᠬᠤᠪᠢᠶᠠᠷᠯᠠᠯ ᠢᠶᠡᠷ 4 ᠵᠡᠷᠭᠡᠯᠡᠯ ᠬᠤᠪᠢᠶᠠᠵᠤ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠶᠢ ᠦᠰᠭᠡᠵᠡᠢ᠃ ᠨᠢᠭᠡᠳᠤᠭᠡᠷ ᠵᠡᠷᠭᠡᠯᠡᠯ  ᠤᠨ ᠪᠦᠰᠡ ᠨᠤᠲᠤᠭ ᠤᠨ ᠰᠠᠷ᠎ᠠ ᠶᠢᠨ 1640 ᠲᠦᠭᠦᠷᠢᠭ᠌ ᠪᠠᠶᠢᠬᠰᠠᠨ ᠢ 1760 ᠲᠦᠭᠦᠷᠢᠭ᠌ ᠪᠤᠯᠭᠠᠨ ᠦᠰᠭᠡᠪᠡ; ᠬᠤᠶᠠᠳᠤᠭᠠᠷ ᠵᠡᠷᠭᠡᠯᠡᠯ  ᠤᠨ ᠪᠦᠰᠡ ᠨᠤᠲᠤᠭ ᠤᠨ ᠰᠠᠷ᠎ᠠ ᠶᠢᠨ 1540 ᠲᠦᠭᠦᠷᠢᠭ᠌ ᠪᠠᠶᠢᠬᠰᠠᠨ  ᠢ 1660 ᠲᠦᠭᠦᠷᠢᠭ᠌ ᠪᠤᠯᠭᠠᠨ ᠦᠰᠭᠡᠪᠡ ;ᠭᠤᠷᠪᠠᠳᠤᠭᠠᠷ ᠵᠡᠷᠭᠡᠯᠡᠯ  ᠤᠨ ᠪᠦᠰᠡ ᠨᠤᠲᠤᠭ ᠤᠨ ᠰᠠᠷ᠎ᠠ ᠶᠢᠨ 1440 ᠲᠦᠭᠦᠷᠢᠭ᠌ ᠪᠠᠶᠢᠬᠰᠠᠨ  ᠢ 1560 ᠲᠦᠭᠦᠷᠢᠭ᠌ ᠪᠤᠯᠭᠠᠨ ᠦᠰᠭᠡᠪᠡ;ᠳᠦᠷᠪᠡᠳᠤᠭᠡᠷ ᠵᠡᠷᠭᠡᠯᠡᠯ  ᠤᠨ ᠪᠦᠰᠡ ᠨᠤᠲᠤᠭ ᠤᠨ ᠰᠠᠷ᠎ᠠ ᠶᠢᠨ 1340 ᠲᠦᠭᠦᠷᠢᠭ᠌ ᠪᠠᠶᠢᠬᠰᠠᠨ  ᠢ 1460 ᠲᠦᠭᠦᠷᠢᠭ᠌ ᠪᠤᠯᠭᠠᠨ ᠦᠰᠭᠡᠪᠡ᠃

    ᠡᠬᠦᠨ ᠤ ᠬᠠᠮᠲᠤ᠂ ᠥᠪᠦᠷ ᠮᠣᠩᠭ᠋ᠤᠯ ᠪᠦᠬᠦᠯᠢ ᠡᠳᠦᠷ ᠤᠨ ᠪᠤᠰᠤ ᠠᠵᠢᠯ ᠤᠨ ᠴᠠᠭ ᠤᠨ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶ᠎ᠠ ᠶᠢ ᠴᠤ ᠦᠰᠭᠡᠯ᠎ᠠ᠃ ᠨᠢᠭᠡᠳᠤᠭᠡᠷ ᠵᠡᠷᠭᠡᠯᠡᠯ  ᠤᠨ ᠪᠦᠰᠡ ᠨᠤᠲᠤᠭ ᠤᠨ ᠴᠠᠭ ᠪᠦᠷᠢ13.3 ᠲᠦᠭᠦᠷᠢᠭ᠌ ᠪᠠᠶᠢᠬᠰᠠᠨ  ᠢ 18.6 ᠲᠦᠭᠦᠷᠢᠭ᠌ ᠪᠤᠯᠭᠠᠨ ᠦᠰᠭᠡᠪᠡ; ᠬᠤᠶᠠᠳᠤᠭᠠᠷ ᠵᠡᠷᠭᠡᠯᠡᠯ  ᠤᠨ ᠪᠦᠰᠡ ᠨᠤᠲᠤᠭ ᠤᠨ ᠴᠠᠭ ᠪᠦᠷᠢ 12.5 ᠲᠦᠭᠦᠷᠢᠭ᠌ ᠪᠠᠶᠢᠬᠰᠠᠨ  ᠢ 17.6 ᠲᠦᠭᠦᠷᠢᠭ᠌ ᠪᠤᠯᠭᠠᠨ ᠦᠰᠭᠡᠪᠡ ;ᠭᠤᠷᠪᠠᠳᠤᠭᠠᠷ ᠵᠡᠷᠭᠡᠯᠡᠯ  ᠤᠨ ᠪᠦᠰᠡ ᠨᠤᠲᠤᠭ ᠤᠨ ᠴᠠᠭ ᠪᠤᠷᠢ 11.7 ᠲᠦᠭᠦᠷᠢᠭ᠌ ᠪᠠᠶᠢᠬᠰᠠᠨ  ᠢ 16.5 ᠲᠦᠭᠦᠷᠢᠭ᠌ ᠪᠤᠯᠭᠠᠨ ᠦᠰᠭᠡᠪᠡ;ᠳᠦᠷᠪᠡᠳᠤᠭᠡᠷ ᠵᠡᠷᠭᠡᠯᠡᠯ  ᠤᠨ ᠪᠦᠰᠡ ᠨᠤᠲᠤᠭ ᠤᠨ ᠴᠠᠭ ᠪᠦᠷᠢ 10.9 ᠲᠦᠭᠦᠷᠢᠭ᠌ ᠪᠠᠶᠢᠬᠰᠠᠨ  ᠢ 15.5 ᠲᠦᠭᠦᠷᠢᠭ᠌ ᠪᠤᠯᠭᠠᠨ ᠦᠰᠭᠡᠪᠡ᠃

    ᠲᠤᠭᠳᠠᠭᠠᠯ ᠳᠤ ᠲᠤᠳᠤᠷᠬᠠᠶᠢᠯᠠᠬᠰᠠᠨ ᠢᠶᠡᠷ᠂ ᠬᠠᠮᠤᠭ ᠤᠨ ᠳᠤᠤᠷ᠎ᠠ ᠴᠠᠯᠢᠩ ᠤᠨ ᠪᠠᠷᠢᠮᠵᠢᠶᠠᠨ ᠳᠤ ᠨᠠᠰᠤᠵᠢᠯ ᠤᠨ ᠳᠠᠭᠠᠳᠬᠠᠯ᠂ ᠡᠮ ᠡᠮᠨᠡᠯᠭᠡ ᠶᠢᠨ ᠳᠠᠭᠠᠳᠬᠠᠯ᠂ ᠠᠵᠢᠯ ᠦᠬᠡᠶᠢᠳᠡᠯ ᠤᠨ ᠳᠠᠭᠠᠳᠬᠠᠯ ᠪᠤᠯᠤᠨ ᠤᠷᠤᠨ ᠰᠠᠭᠤᠴᠠ ᠶᠢᠨ ᠨᠡᠶᠢᠲᠠ ᠶᠢᠨ ᠬᠤᠷᠠᠮᠳᠤᠯᠠᠯ ᠵᠡᠷᠭᠡ ᠬᠤᠪᠢ ᠬᠦᠮᠦᠨ ᠤ ᠲᠤᠰᠢᠶᠠᠬᠤ ᠴᠢᠬᠤᠯᠠᠲᠠᠢ ᠬᠡᠰᠡᠭ ᠪᠠᠭᠳᠠᠨ᠎ᠠ᠃ ᠭᠡᠪᠡᠴᠤ ᠴᠠᠭ ᠨᠡᠮᠡᠵᠤ ᠠᠵᠢᠯᠯᠠᠭᠰᠠᠨ ᠴᠠᠯᠢᠩ ᠡᠴᠡ ᠭᠠᠳᠠᠨ᠎ᠠ ᠭᠤᠤᠯ ᠦᠳᠡ ᠶᠢᠨ ᠡᠬᠡᠯᠵᠢ ᠪᠠ ᠰᠦᠨᠢ ᠶᠢᠨ ᠡᠬᠡᠯᠵᠢ  ᠂ ᠠᠭᠠᠬᠢᠮ᠎ᠠ ᠬᠠᠯᠠᠭᠤᠨ ᠴᠠᠭ ᠠᠭᠠᠷ ᠪᠠ ᠬᠦᠢᠲᠡᠨ ᠴᠠᠭ ᠠᠭᠠᠷ ᠂ ᠬᠤᠳᠳᠤᠭ ᠲᠤ ᠪᠤᠶᠤ ᠬᠤᠤᠷ ᠬᠦᠨᠦᠬᠡᠯ ᠲᠠᠢ ᠵᠡᠷᠭᠡ ᠤᠨᠴᠠᠭᠠᠢ ᠤᠷᠴᠢᠨ ᠳᠤ ᠠᠵᠢᠯᠯᠠᠭᠰᠠᠨ ᠨᠦᠬᠦᠪᠦᠷᠢ ᠵᠢᠴᠢ ᠤᠯᠤᠰ ᠡᠴᠡ ᠲᠤᠭᠳᠠᠭᠠᠭᠰᠠᠨ ᠬᠦᠳᠡᠯᠮᠦᠷᠢᠴᠢᠳ ᠤᠨ ᠠᠰᠠᠷᠠᠮᠵᠢ ᠶᠢᠨ ᠤᠯᠭᠤᠮᠵᠢ ᠪᠠᠭᠳᠠᠬᠤ ᠦᠬᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121425484