蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠬᠤᠷᠳᠤᠨ ᠤ ᠲᠡᠮᠦᠷ ᠵᠠᠮ ᠤᠨ ᠴᠠᠭ ᠦᠶ᠎ᠠ ᠳᠤ ᠤᠷᠤᠯ᠎ᠠ

2017-08-04 11:17

    ᠰᠢᠨᠬᠤᠸᠠ ᠬᠤᠷᠢᠶ᠎ᠠ ᠬᠦᠬᠡᠬᠤᠲᠠ ᠶᠢᠨ 8 ᠰᠠᠷ᠎ᠠ ᠶᠢᠨ 3 ᠤ ᠡᠳᠦᠷ ᠤᠨ ᠴᠠᠬᠢᠯᠭᠠᠨ ᠮᠡᠳᠡᠭᠡ ( ᠰᠤᠷᠪᠤᠯᠵᠢᠯᠠᠭᠴᠢ ᠸᠸᠢ ᠵᠢᠩ ᠢᠦᠢ) 3 ᠤ ᠡᠳᠦᠷ ᠤᠨ 10᠄ 18 ᠴᠠᠭ ᠲᠤ᠂ ᠦᠪᠦᠷ ᠮᠣᠩᠭᠣᠯ ᠤᠨ ᠬᠤᠷᠳᠤᠨ ᠤ ᠲᠡᠮᠦᠷ ᠵᠠᠮ ᠤᠨ D6980 ᠨᠤᠮᠸᠷᠲᠤ ᠠᠶᠠᠨᠴᠢᠨ ᠤ ᠭᠠᠯᠲᠤ ᠲᠡᠷᠭᠡ ᠬᠦᠬᠡᠬᠤᠲᠠ ᠵᠡᠭᠦᠨ ᠦᠷᠲᠡᠭᠡᠨ ᠡᠴᠡ ᠬᠦᠳᠡᠯᠵᠦ᠂ ᠴᠠᠭ ᠲᠤ 250 ᠺᠢᠯᠦᠮᠸᠲ᠋ᠷ ᠤᠨ ᠬᠤᠷᠳᠤ ᠪᠡᠷ ᠤᠯᠠᠭᠠᠨᠴᠠᠪ ᠦᠷᠲᠡᠭᠡ ᠵᠦᠭ ᠠᠶᠠᠯᠠᠪᠠ᠃ ᠡᠶᠢᠨᠬᠦ ᠦᠪᠦᠷ ᠮᠣᠩᠭᠣᠯ ᠬᠤᠷᠳᠤᠨ ᠤ ᠲᠡᠮᠦᠷ ᠵᠠᠮ ᠤᠨ ᠴᠠᠭ ᠦᠶ᠎ᠠ ᠳᠤ ᠤᠷᠤᠯ᠎ᠠ᠃

    ᠲᠤᠬᠠᠢ ᠶᠢᠨ ᠡᠳᠦᠷ ᠠᠰᠢᠭᠯᠠᠯᠲᠠ ᠳᠤ ᠤᠷᠤᠭᠰᠠᠨ ᠬᠦᠬᠡᠬᠤᠲᠠ ᠵᠡᠭᠦᠨ ᠦᠷᠲᠡᠭᠡᠨ ᠡᠴᠡ ᠤᠯᠠᠭᠠᠨᠴᠠᠪ ᠬᠦᠷᠬᠦ ᠬᠤᠷᠳᠤᠨ ᠤ ᠲᠡᠮᠦᠷ ᠵᠠᠮ  ᠤᠨ ᠪᠦᠬᠦ ᠤᠷᠲᠤ ᠨᠢ 126 ᠺᠢᠯᠦᠮᠸᠲ᠋ᠷ᠂ 40 ᠮᠢᠨᠦ᠋ᠲ ᠠᠶᠠᠯᠠᠨ᠂ ᠤᠯᠠᠭᠠᠨᠴᠠᠪ᠂ ᠵᠦᠸᠸᠽᠢ ᠵᠡᠭᠦᠨ ᠦᠷᠲᠡᠭᠡ᠂ ᠵᠢᠰᠢᠶ᠎ᠠ ᠠᠶᠢᠯ ᠡᠮᠦᠨ᠎ᠠ ᠦᠷᠲᠡᠭᠡ᠂ ᠬᠦᠬᠡᠬᠤᠲᠠ ᠵᠡᠭᠦᠨ ᠦᠷᠲᠡᠭᠡ ᠵᠡᠷᠭᠡ 4 ᠦᠷᠲᠡᠭᠡ ᠶᠢ ᠳᠠᠭᠠᠷᠢᠬᠤ ᠶᠤᠮ ᠪᠠᠶᠢᠨ᠎ᠠ᠃ ᠠᠰᠢᠭᠯᠠᠯᠲᠠ ᠳᠤ ᠤᠷᠤᠭᠰᠠᠨ ᠡᠬᠢᠨ ᠤ ᠬᠤᠭᠤᠴᠠᠭᠠᠨ ᠳᠤ ᠡᠳᠦᠷ ᠲᠤ 5 ᠬᠤᠤᠰ ᠬᠤᠷᠳᠤᠨ ᠤ ᠲᠡᠮᠦᠷ ᠵᠠᠮ ᠤᠨ ᠭᠠᠯᠲᠤ ᠲᠡᠷᠭᠡ ᠬᠦᠬᠡᠬᠤᠲᠠ ᠤᠯᠠᠭᠠᠨᠴᠠᠪ ᠤᠨ ᠬᠤᠭᠤᠷᠤᠨᠲᠤ ᠠᠶᠠᠯᠠᠨ᠎ᠠ᠂ ᠡᠭᠦᠨ ᠳᠤ 2 ᠬᠤᠤᠰ ᠭᠠᠯᠲᠤ ᠲᠡᠷᠭᠡ ᠨᠢ ᠪᠠᠷᠠᠭᠤᠨᠰᠢ ᠪᠡᠨ ᠪᠤᠭᠤᠲᠤ ᠬᠤᠳᠠ ᠳ᠋ᠦ ᠬᠦᠷᠦᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121431755