蒙古文网站Logo
ᠰᠢᠨᠬᠤᠸᠠ ᠮᠤᠩᠭ᠋ᠤᠯ ᠨᠧᠲ

ᠮᠣᠩ᠋ᠭᠤᠯ ᠦᠨᠳᠤᠰᠤᠲᠠᠨ ᠮᠠᠨᠢ ᠢᠳᠡᠭᠡᠯ ᠲᠡᠭᠦᠯᠳᠡᠷ ᠢᠶᠡᠷ ᠢᠷᠡᠭᠡᠳᠤᠢ ᠪᠡᠨ ᠵᠣᠷᠢᠨ᠎ᠠ

2017-08-08 11:41

    ᠰᠢᠨᠬᠤᠧᠠ ᠬᠤᠷᠢᠶ᠎ᠠ  ᠬᠦᠬᠡᠬᠤᠲᠠ ᠶᠢᠨ 8 ᠰᠠᠷ᠎ᠠ ᠶᠢᠨ 7 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠬᠴᠢ ᠯᠢ ᠷᠧᠨ ᠬᠤ᠂ ᠶᠢᠨ ᠶᠤᠤ᠂ ᠤᠷᠢᠬᠠᠨ) ᠥᠪᠦᠷ ᠮᠣᠩᠭ᠋ᠤᠯ ᠡᠴᠡ ᠲᠦᠮᠡ ᠭᠠᠷᠤᠢ ᠺᠢᠯᠤᠮᠧᠲ᠋ᠷ ᠵᠠᠶᠢᠲᠠᠢ ᠠᠮᠧᠷᠢᠺᠠ ᠶᠢᠨ ᠸᠠᠰᠢᠩᠲ᠋ᠤᠨ ᠤ ᠺᠧᠨᠨᠧᠳᠢ ᠤᠷᠠᠯᠢᠭ ᠤᠨ ᠲᠦᠪ ᠲᠤ᠂ ᠤᠶᠠᠩ᠋ᠭᠠᠯᠠᠨ ᠡᠬᠡᠰᠢᠭᠯᠡᠭᠰᠡᠨ ᠮᠣᠷᠢᠨ ᠬᠤᠭᠤᠷ ᠤᠨ ᠡᠬᠡᠰᠢᠭ᠌ ᠤᠨ ᠳᠠᠭᠠᠤ ᠪᠦᠵᠢᠭ᠌ ᠤᠨ ᠲᠠᠶᠢᠰᠠᠨ ᠤ ᠬᠦᠰᠢᠬᠡ ᠠᠯᠭᠤᠷ ᠨᠡᠭᠡᠭᠡᠭ᠍ᠳᠡᠯ᠎ᠠ᠃ ᠮᠣᠩᠭ᠋ᠤᠯ ᠦᠨᠳᠤᠰᠤᠲᠠᠨ ᠤ ᠦᠪᠡᠳᠡᠭᠰᠢ ᠵᠠᠰᠠᠯ ᠢᠶᠡᠷ ᠬᠤᠪᠴᠠᠯᠠᠬᠰᠠᠨ 7 ᠵᠠᠯᠠᠭᠤ ᠪᠤᠯᠤᠨ ᠬᠤᠶᠠᠷ ᠥᠬᠢᠨ ᠭᠠᠷ ᠲᠤ ᠪᠡᠨ ᠤᠯᠠᠮᠵᠢᠯᠠᠯᠲᠤ ᠬᠦᠭ᠍ᠵᠢᠮᠳᠡᠬᠦᠷ ᠪᠠᠷᠢᠵᠤ ᠮᠦᠷᠯᠠᠨ ᠵᠤᠭᠰᠤᠭᠰᠠᠨ ᠲᠡᠷᠡᠬᠦ ᠭᠱᠠᠨ᠎ᠠ ᠦᠵᠡᠭᠴᠢᠳ ᠤᠨ ᠲᠠᠶᠢᠰᠠᠨ ᠳᠡᠬᠢ ᠠᠮᠧᠷᠢᠺᠠ ᠶᠢᠨ ᠢᠷᠭᠡᠳ  ᠮᠣᠩ᠋ᠭᠤᠯ ᠤᠨ ᠦᠨᠳᠦᠷᠯᠢᠭ᠌᠌ ᠤᠨ ᠵᠢᠪᠬᠤᠭ᠎ᠠ ᠪᠠ ᠷᠢᠳᠢ ᠰᠢᠳᠢ ᠶᠢ ᠮᠡᠳᠡᠷᠡᠵᠤ ᠪᠢᠯᠡ᠃

    ᠳᠡᠲᠡ ᠪᠤᠯ ᠠᠨᠳᠠ ᠬᠠᠮᠳᠤᠯᠢᠭ᠂ 9 ᠮᠤᠩ᠋ᠭᠤᠯ ᠵᠠᠯᠠᠭᠤ ᠤᠷᠠᠯᠢᠬᠴᠢᠨ ᠢᠶᠡᠷ ᠪᠦᠷᠢᠯᠳᠤᠭ᠍ᠰᠠᠨ ᠤᠤᠭᠠᠯ ᠬᠦᠭ᠍ᠵᠢᠮ ᠤᠨ ᠬᠠᠮᠳᠤᠯᠢᠭ ᠪᠤᠯᠬᠤ ᠪᠦᠭᠡᠳ ᠤᠯᠤᠰ ᠤᠨ ᠲᠤᠳᠤᠭᠠᠲᠤ ᠶᠢᠨ ᠳᠠᠭᠤᠤ ᠬᠦᠭ᠍ᠵᠢᠮ ᠤᠨ ᠬᠢᠨ  ᠳᠤ ᠵᠦᠪᠰᠢᠶᠡᠷᠡᠭᠳᠡᠭᠰᠡᠨ ᠳᠤᠮᠳᠠᠳᠤ ᠤᠯᠤᠰ ᠤᠨ ᠦᠨᠳᠤᠰᠤᠲᠠᠨ ᠤ ᠬᠦᠭ᠍ᠵᠢᠮ ᠢ ᠲᠠᠯᠠᠬᠡᠢ ᠳᠤ ᠬᠠᠨᠳᠤᠭᠤᠯᠤᠭᠰᠠᠨ ᠬᠠᠮᠤᠭ ᠤᠨ ᠠᠮᠵᠢᠯᠲᠠ ᠲᠠᠢ ᠵᠢᠱᠢᠶ᠎ᠠ ᠪᠤᠯᠤᠬᠰᠠᠨ ᠪᠠᠶᠢᠨ᠎ᠠ᠃ 《ᠪᠢᠳᠡ ᠮᠣᠩᠭ᠋ᠤᠯ ᠰᠤᠶᠤᠯ ᠤᠨ  ᠢᠶᠡᠨ ᠬᠦᠭ᠍ᠵᠢᠯᠲᠠ ᠶᠢᠨ ᠳᠠᠪᠴᠠᠩ ᠢ ᠨᠡᠩ ᠲᠠᠯᠡᠶ᠎ᠠ ᠬᠡᠮᠡᠨ ᠪᠤᠳᠤᠵᠤ ᠪᠠᠶᠢᠨ᠎ᠠ》ᠬᠡᠵᠤ ᠬᠠᠮᠳᠤᠯᠢᠭ ᠤᠨ ᠪᠠᠭ ᠤᠨ ᠠᠬᠠᠯᠠᠬᠴᠢ ᠨᠠᠷᠠᠰᠤ ᠬᠡᠯᠡᠨ᠎ᠠ᠃

    ᠮᠣᠩᠭ᠋ᠤᠯ ᠦᠨᠳᠤᠰᠤᠲᠡᠠ ᠤ ᠤᠳᠤ ᠦᠶ᠎ᠠ ᠶᠢᠨ ᠵᠢᠪᠬᠤᠭ᠎ᠠ ᠶᠢ ᠳᠡᠯᠡᠬᠡᠢ ᠳᠤ ᠬᠠᠷᠠᠭᠤᠯᠤᠭᠰᠠᠨ ᠪᠠᠰᠠ ᠨᠢᠬᠡ ᠮᠣᠩ᠋ᠭᠤᠯ ᠬᠦᠮᠦᠨ ᠪᠤᠯ ᠰᠠᠨᠰᠠᠷ ᠠᠶᠠᠯᠠᠯ ᠤᠨ ᠰᠢᠨᠵᠢᠯᠡᠬᠦ ᠤᠬᠠᠭᠠᠨᠲᠠᠨ ᠪᠤᠶᠠᠨᠬᠡᠰᠢᠭ᠌ ᠪᠤᠯᠤᠨ᠎ᠠ᠃ 1972 ᠤᠨ ᠳᠤ ᠦᠪᠦᠷ ᠮᠤᠩᠭ᠋ᠤᠯ ᠤᠨ ᠵᠠᠯᠠᠶᠢᠳ ᠬᠤᠰᠢᠭᠤᠨ ᠤ ᠲᠠᠷᠢᠶᠠᠴᠢᠨ ᠠᠶᠢᠯ ᠳᠤ ᠲᠦᠷᠦᠭᠰᠡᠨ ᠲᠡᠷᠡᠪᠡᠷ ᠤᠳᠤ ᠴᠢᠩᠬᠤᠧᠠ ᠶᠡᠬᠡ ᠰᠤᠷᠭᠠᠭᠤᠯᠢ ᠶᠢᠨ ᠰᠠᠨᠰᠠᠷ ᠠᠶᠠᠯᠠᠯ ᠤᠨ ᠳᠡᠭᠡᠲᠤ ᠰᠤᠷᠭᠠᠭᠤᠯᠢ ᠶᠢᠨ ᠫᠷᠤᠹᠧᠰᠰᠤᠷ ᠪᠤᠯᠵᠡᠢ᠃ ᠲᠡᠬᠦᠨ ᠤ ᠲᠡᠷᠢᠬᠦᠯᠡᠨ ᠰᠤᠳᠤᠯᠤᠭᠰᠠᠨ ᠬᠦᠮᠦᠨ ᠲᠡᠭᠡᠭᠡᠭ᠍ᠰᠡᠨ ᠰᠠᠨᠰᠠᠷ ᠤᠨ ᠬᠦᠯᠬᠡ ᠤᠨ ᠡᠨᠧᠷᠬᠢ ᠶᠢᠨ ᠲᠡᠩᠴᠡᠭᠦᠷᠢ ᠶᠢ ᠵᠠᠳᠠᠯᠤᠨ ᠰᠢᠨᠵᠢᠯᠡᠬᠦ ᠰᠤᠹᠲ ᠤᠯᠤᠰ ᠤᠨ ᠲᠤᠳᠤᠭᠠᠲᠤ ᠳ᠋ᠡᠬᠢ ᠬᠤᠭᠤᠰᠤᠨ  ᠢ ᠨᠦᠬᠦᠪᠦᠷᠢᠯᠡᠵᠤ᠂ ᠲᠡᠭᠷᠢ ᠶᠢᠨ ᠤᠷᠳᠤᠨ ᠨᠢᠬᠡ ᠨᠤᠮᠧᠷᠲᠤ ᠪᠤᠯᠤᠨ ᠬᠤᠪᠢᠯᠭᠠᠨ ᠵᠠᠪᠢ ᠨᠠᠶ᠋ᠮᠠ ᠨᠤᠮᠧᠷᠲᠤ ᠰᠡᠨᠰᠡᠷ ᠤᠨ ᠬᠦᠯᠬᠡ ᠶᠢ ᠠᠮᠵᠢᠯᠲᠠ ᠲᠠᠢ ᠵᠤᠯᠭᠠᠭᠤᠯᠤᠭᠰᠠᠨ ᠪᠠᠶᠢᠨ᠎ᠠ᠃

    ᠳᠤᠮᠳᠠᠳᠤ ᠤᠯᠤᠰ ᠤᠨ ᠬᠠᠮᠤᠭ ᠤᠨ ᠠᠩᠬᠠᠨ ᠤ ᠮᠣᠵᠢ ᠶᠢᠨ ᠵᠡᠷᠭᠡᠯᠡᠯ ᠤᠨ ᠴᠥᠬᠡᠨ ᠲᠤᠭᠠᠲᠤ ᠦᠨᠳᠤᠰᠤᠲᠠᠨ ᠤ ᠥᠪᠡᠷᠲᠡᠬᠡᠨ ᠵᠠᠰᠬᠠᠤ ᠤᠷᠤᠨ ︱ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠪᠠᠶᠢᠭᠤᠯᠤᠭᠳᠠᠬᠰᠠᠨ 70 ᠵᠢᠯ ᠤᠨ ᠲᠤᠷᠰᠢ᠂ ᠮᠣᠩᠭ᠋ᠤᠯ ᠦᠨᠳᠤᠰᠤᠲᠠᠨ ᠬᠡᠬᠦ ᠳᠤᠮᠤᠭᠲᠤ ᠤᠨᠴᠠᠯᠢᠭ ᠲᠠᠢ ᠥᠨᠢ ᠡᠷᠲᠡᠨ ᠤ ᠦᠨᠳᠤᠰᠤᠲᠠᠨ ᠳᠤᠮᠳᠠᠳᠤ ᠶᠢᠨ ᠨᠤᠲᠤᠭ ᠲᠤ ᠪᠠᠳᠠᠷᠠᠨ ᠬᠦᠭ᠍ᠵᠢᠵᠤ᠂ ᠨᠡᠩ ᠨᠡᠬᠡᠬᠡᠯᠲᠠ ᠲᠠᠢ ᠳᠦᠷᠬᠦ᠂ ᠨᠡᠩ ᠢᠳᠡᠬᠡᠯ ᠲᠠᠢ ᠠᠯᠬᠤᠮ ᠢᠶᠡᠷ ᠨᠡᠩ ᠥᠷᠬᠡᠨ ᠠᠭᠤᠳᠠᠮ ᠳᠡᠯᠡᠬᠡᠢ ᠶᠢᠨ ᠳᠠᠶᠢᠰᠠᠨ ᠳᠤ ᠤᠮᠤᠭᠯᠠᠩ ᠠᠯᠬᠤᠨ᠎ᠠ᠃

    ᠳᠤᠮᠳᠠᠳᠤ ᠤᠯᠤᠰ ᠤᠨ 600 ᠭᠠᠷᠤᠢ ᠲᠦᠮᠡᠨ ᠮᠣᠩᠭ᠋ᠤᠯ ᠦᠨᠳᠤᠰᠤᠲᠠᠨ ᠤ 70% ᠨᠢ ᠥᠪᠦᠷ ᠮᠣᠩᠭᠤᠯ ᠳᠤ ᠠᠮᠢᠳᠤᠷᠠᠵᠤ ᠪᠠᠶᠢᠳᠠᠭ᠃

    ᠲᠠᠯ᠎ᠠ ᠨᠤᠲᠤᠭ ᠤᠨ ᠰᠢᠯᠢᠳᠡᠭ ᠰᠤᠶᠤᠯ ᠢᠶᠡᠨ ᠤᠯᠠᠮᠵᠢᠯᠠᠨ ᠬᠦᠭ᠍ᠵᠢᠬᠦᠯᠬᠦ ᠶᠢᠨ ᠳᠠᠭᠠᠤ ᠤᠯᠤᠰ ᠳᠠᠶᠠᠭᠠᠷ ᠪᠠ ᠳᠡᠯᠡᠬᠡᠢ ᠳᠤ ᠲᠦᠯᠬᠢᠨ ᠠᠬᠢᠭᠤᠯᠬᠤ ᠪᠡᠷ ᠤᠳᠤ ᠦᠶ᠎ᠠ ᠶᠢᠨ ᠮᠣᠩᠭ᠋ᠤᠯ ᠦᠨᠳᠤᠰᠤᠲᠠᠨ ᠢᠳᠡᠬᠡᠯ ᠳᠦᠬᠦᠷᠡᠩ ᠴᠢᠷᠮᠠᠶᠢᠬᠰᠠᠭᠠᠷ᠃ ᠠᠨᠳᠠ ᠬᠠᠮᠳᠤᠯᠢᠭ᠂ HAYAᠬᠦᠭ᠍ᠵᠢᠮ ᠤᠨ ᠪᠦᠯᠬᠦᠮ᠂ ᠡᠷᠬᠦᠨ᠎ᠠ ᠬᠠᠮᠳᠤᠯᠢᠭ᠂ ᠤᠷᠢᠨ᠎ᠠ᠁ᠤᠯᠠᠮ ᠡᠴᠡ ᠤᠯᠠᠨ ᠮᠣᠩᠭ᠋ᠤᠯ ᠳᠠᠭᠤᠤ ᠬᠦᠭ᠍ᠵᠢᠮ ᠤᠨ ᠬᠦᠮᠦᠨ ᠤᠯᠠᠨ ᠤᠯᠤᠰ ᠤᠨ ᠲᠠᠶᠢᠰᠠᠨ᠎ᠠ ᠵᠤᠭᠰᠤᠵᠤ᠂ ᠥᠪᠦᠷ ᠮᠣᠩ᠋ᠭᠤᠯ ᠤᠨ ᠲᠠᠯ᠎ᠠ ᠨᠤᠲᠤᠭ ᠢᠶᠡᠨ ᠳᠡᠯᠡᠬᠡᠢ ᠳᠤ ᠳᠠᠭᠤᠯᠠᠨ ᠰᠤᠨᠤᠰᠬᠠᠵᠤ ᠪᠤᠢ᠃

    ᠮᠣᠩ᠋ᠭᠤᠯ ᠡᠮ ᠡᠮᠨᠡᠯᠭᠡ ᠶᠢᠨ ᠮᠡᠷᠭᠡᠯᠵᠢᠲᠠᠨ ᠤᠯᠠᠭᠠᠨ ᠪᠤᠯ ᠥᠪᠦᠷ ᠮᠣᠩᠭ᠋ᠤᠯ ᠤᠨ ᠤᠯᠠᠨ ᠤᠯᠤᠰ ᠤᠨ ᠮᠤᠩ᠋ᠭᠤᠯ ᠡᠮᠨᠡᠯᠬᠡ ᠶᠢᠨ ᠬᠤᠷᠢᠶᠠᠨ ᠤ ᠳᠠᠷᠤᠭ᠎ᠠ᠃ ᠤᠯᠠᠮᠵᠢᠯᠠᠯᠲᠤ ᠮᠣᠩ᠋ᠭᠤᠯ ᠡᠮ ᠡᠮᠨᠡᠯᠭᠡ ᠶᠢ ᠤᠯᠠᠨ ᠤᠯᠤᠰᠴᠢᠯᠠᠬᠤ ᠪᠤᠯ ᠲᠡᠬᠦᠨ ᠤ ᠬᠠᠷᠠᠯᠲᠠ ᠪᠤᠯᠤᠨ᠎ᠠ᠃ 2013 ᠤᠨ ᠳᠤ ᠠᠮᠧᠷᠢᠺᠠ ᠶᠢᠨ ᠨᠢᠦ᠋ ᠶᠣᠷᠺ ᠳᠤ᠂ ᠲᠡᠷᠡᠪᠡᠷ ᠴᠡᠩᠬᠡᠷ ᠲᠡᠷᠯᠢᠭ᠌ ᠡᠮᠦᠰᠦᠨ ᠨᠢᠬᠡᠳᠤᠭ᠍ᠰᠠᠨ ᠦᠨᠳᠤᠰᠤᠨ ᠤ ᠪᠠᠶᠢᠭᠤᠯᠤᠯᠭ᠎ᠠ ᠶᠢᠨ ᠤᠮᠠᠷᠠᠲᠤ ᠡᠮᠦᠨᠡᠲᠤ ᠶᠢᠨ ᠶᠠᠷᠢᠯᠴᠠᠭᠠᠨ ᠤ ᠳᠡᠭᠡᠲᠤ ᠵᠡᠷᠭᠡ ᠶᠢᠨ ᠬᠠᠮᠳᠤᠷᠠᠬᠰᠠᠨ ᠬᠤᠷᠠᠯ ᠳᠤ ᠤᠷᠤᠯᠴᠠᠵᠤ᠂ ᠡᠯ᠎ᠠ ᠤᠯᠤᠰ ᠤᠨ ᠲᠦᠯᠦᠭᠡᠯᠡᠭᠴᠢᠳ ᠲᠤ ᠮᠣᠩ᠋ᠭᠤᠯ ᠡᠮ ᠡᠮᠨᠡᠯᠬᠡ ᠶᠢᠨ ᠦᠩᠬᠡᠷᠡᠭᠰᠡᠨ᠂ ᠤᠳᠤ ᠪᠤᠯᠤᠨ ᠢᠷᠡᠭᠡᠳᠤᠢ ᠶᠢ ᠶᠠᠷᠢᠬᠰᠠᠨ᠃ ᠡᠨᠡ ᠨᠢ ᠳᠤᠮᠳᠠᠳᠤ ᠤᠯᠤᠰ ᠤᠨ ᠤᠯᠠᠮᠵᠢᠯᠠᠯᠲᠤ ᠡᠮ ᠡᠮᠨᠡᠯᠬᠡ ᠠᠩᠬ᠎ᠠ ᠤᠳᠠᠭ᠎ᠠ ᠨᠢᠬᠡᠳᠤᠭ᠍ᠰᠠᠨ ᠦᠨᠳᠤᠰᠤᠨ ᠤ ᠪᠠᠶᠢᠭᠤᠯᠤᠯᠭ᠎ᠠ ᠶᠢᠨ ᠶᠡᠷᠦᠩᠬᠡᠢ ᠬᠡᠯᠳᠡᠰ ᠲᠤ ᠤᠷᠤᠵᠤ ᠪᠠᠶᠢᠭ᠎ᠠ ᠶᠠᠪᠤᠳᠠᠯ ᠶᠤᠮ᠃ ᠤᠳᠤᠬᠠᠨ ᠳᠤ᠂ ᠥᠪᠦᠷ ᠮᠣᠩᠭ᠋ᠤᠯ ᠤᠨ ᠮᠣᠩ᠋ᠭᠤᠯ ᠡᠮ ᠡᠮᠨᠡᠯᠭᠡ ᠶᠢᠨ ᠪᠠᠶᠢᠭᠤᠯᠤᠮᠵᠢ ᠵᠢᠯ ᠪᠤᠯᠭᠠᠨ 3 ᠲᠦᠮᠡ ᠭᠠᠷᠤᠢ ᠭᠠᠳᠠᠭᠠᠲᠤ ᠶᠢᠨ ᠡᠪᠡᠳᠴᠢᠲᠠᠨ ᠬᠦᠯᠢᠶᠠᠨ ᠠᠪᠴᠤ ᠡᠮᠴᠢᠯᠡᠵᠤ ᠪᠠᠶᠢᠬᠤ ᠪᠦᠬᠡᠳ ᠠᠮᠧᠷᠢᠺᠠ᠂ ᠶᠠᠫᠤᠨ᠂ ᠺᠤᠷᠢᠶᠠ ᠵᠡᠷᠭᠡ ᠤᠯᠤᠰ ᠲᠠᠢ ᠡᠷᠳᠡᠮ ᠰᠢᠨᠵᠢᠯᠡᠬᠡᠨ ᠤ ᠬᠠᠮᠳᠤᠷᠠᠯᠴᠠᠭ᠎ᠠ ᠪᠡᠨ ᠡᠳᠦᠷ ᠢᠷᠡᠭᠦᠶ᠎ᠠ ᠦᠷᠭᠡᠵᠢᠬᠦᠯᠵᠦ ᠪᠤᠢ᠃

    70 ᠵᠢᠯ ᠤᠨ ᠲᠤᠷᠰᠢ᠂ ᠮᠣᠩ᠋ᠭᠤᠯ ᠦᠨᠳᠤᠰᠤᠲᠠᠨ ᠤ ᠥᠪᠡᠷᠲᠡᠬᠡᠨ ᠵᠠᠰᠠᠬᠤ ᠤᠷᠤᠨ ᠴᠠᠭ ᠦᠶ᠎ᠠ ᠲᠠᠢ ᠬᠠᠮᠲᠤ ᠂ ᠨᠡᠶᠢᠬᠡᠮ ᠲᠠᠢ ᠬᠠᠮᠲᠤ ᠪᠡᠷ ᠦᠨᠳᠤᠰᠤᠲᠠᠨ ᠤ ᠪᠡᠨ ᠰᠤᠶᠤᠯ ᠤᠨ ᠣᠬᠢ ᠶᠢ ᠬᠦᠭ᠍ᠵᠢᠬᠦᠯᠦᠨ ᠮᠠᠨᠳᠤᠭᠤᠯᠤᠭᠰᠠᠨ ᠤ ᠵᠡᠷᠭᠡᠴᠡᠭᠡ ᠱᠠᠭᠠᠷᠤ ᠶᠢ ᠨᠢ ᠬᠠᠶᠠᠵᠤ᠂ ᠰᠢᠨ᠎ᠠ ᠶᠢ ᠬᠦᠬᠡᠬᠡᠴᠡᠯᠳᠤᠨ᠂ ᠠᠭᠤᠵᠢᠭᠤ ᠲᠠᠶᠢᠪᠤᠭᠤ ᠰᠡᠳᠬᠢᠯ ᠢᠶᠡᠷ ᠢᠶᠡᠨ ᠬᠦᠮᠦᠨ ᠲᠦᠷᠤᠯᠬᠢᠲᠠᠨ ᠤ ᠰᠤᠶᠤᠯ ᠢᠷᠭᠡᠨᠰᠢᠯ ᠤᠨ ᠬᠠᠮᠤᠭ ᠤᠨ ᠰᠢᠨ᠎ᠠ ᠦᠷ᠎ᠠ ᠪᠦᠲᠦᠮᠵᠢ ᠶᠢ ᠬᠦᠯᠢᠶᠡᠨ ᠠᠪᠴᠤ᠂ ᠤᠯᠠᠮᠵᠢᠯᠠᠯᠲᠤ ᠰᠤᠶᠤᠯ ᠪᠠ ᠤᠳᠤ ᠦᠶ᠎ᠠ ᠶᠢᠨ ᠰᠤᠶᠤᠯ ᠢᠷᠭᠡᠨᠰᠢᠯ ᠬᠠᠷᠢᠯᠴᠠᠨ ᠨᠦᠯᠦᠬᠡᠯᠡᠭᠡᠳ ᠠᠪᠴᠢᠷᠠᠭᠰᠠᠨ ᠰᠠᠶᠢᠨ ᠰᠠᠶᠢᠬᠠᠨ ᠠᠮᠢᠳᠤᠷᠠᠯ ᠢ ᠡᠳ᠋ᠯᠡᠵᠤ ᠪᠠᠶᠢᠭ᠎ᠠ ᠶᠤᠮ᠃

    ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠤ ᠦᠨᠳᠤᠰᠤᠲᠠᠨ ᠤ ᠰᠤᠷᠭᠠᠨ ᠬᠦᠮᠦᠵᠢᠯ ᠤᠯᠤᠰ ᠳᠡᠶᠠᠭᠠᠷ ᠤᠨ ᠲᠡᠷᠢᠬᠦᠨ ᠤ ᠬᠢᠷᠢ ᠲᠦᠪᠰᠢᠨ ᠳᠤ ᠬᠦᠷᠴᠤ᠂ ᠨᠢᠬᠡᠨᠲᠠ ᠬᠡᠤᠬᠡᠳ ᠤᠨ ᠴᠡᠴᠡᠷᠯᠢᠭ᠌᠌ ᠡᠴᠡ ᠫᠤᠰᠲ ᠳ᠋ᠤᠺᠲ᠋ᠤᠷ ᠬᠦᠷᠲᠡᠯᠡᠬᠢ ᠪᠦᠷᠢᠨ ᠪᠦᠲᠦᠨ ᠰᠤᠷᠭᠠᠨ ᠬᠦᠮᠦᠵᠢᠯ ᠤᠨ ᠲᠤᠭᠳᠠᠯᠴᠠᠭ᠎ᠠ ᠪᠦᠷᠢᠯᠳᠦᠭ᠍ᠰᠠᠨ ᠪᠠᠶᠢᠨ᠎ᠠ᠃ ᠤᠷᠤᠨ ᠳᠠᠶᠠᠭᠠᠷ ᠤᠨ ᠬᠡᠤᠬᠡᠳ ᠤᠨ ᠴᠡᠴᠡᠷᠯᠢᠭ᠌᠌᠂ ᠳᠤᠮᠳᠠᠳᠤ ᠪᠠᠭ᠎ᠠ ᠰᠤᠷᠭᠠᠭᠤᠯᠢ ᠪᠤᠯᠤᠨ ᠡᠩ ᠤᠨ ᠶᠡᠬᠡ ᠳᠡᠭᠡᠲᠤ ᠰᠤᠷᠭᠠᠭᠤᠯᠢ ᠳᠤ ᠨᠡᠶᠢᠲᠠ84.5ᠲᠦᠮᠡᠨ ᠮᠣᠩ᠋ᠭᠤᠯ ᠰᠤᠷᠤᠭᠴᠢ ᠲᠠᠢ᠃

    ᠬᠤᠪᠢᠰᠬᠠᠯᠲᠤ ᠳᠠᠶᠢᠨ ᠤ ᠴᠠᠭ ᠦᠶ᠎ᠠ ᠡᠴᠡ ᠤᠳᠤᠬᠢᠴᠢᠯᠠᠬᠰᠠᠨ ᠪᠠᠶᠢᠭᠤᠯᠤᠯᠲᠠ ᠶᠢᠨ ᠰᠢᠨ᠎ᠠ ᠴᠠᠭ ᠦᠶ᠎ᠠ ᠪᠤᠯᠲᠠᠯ᠎ᠠ᠂ ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠳᠤ ᠮᠠᠰᠢ ᠤᠯᠠᠨ ᠮᠣᠩ᠋ᠭᠤᠯ ᠦᠨᠳᠤᠰᠤᠲᠠᠨ ᠤ ᠰᠢᠯᠢᠳᠡᠭ ᠺᠠᠳ᠋ᠷ ᠠᠵᠢᠯᠲᠠᠨ ᠦᠰᠦᠨ ᠬᠦᠮᠦᠵᠢᠭᠳᠡᠵᠤ᠂ ᠡᠯ᠎ᠠ ᠠᠵᠢᠯ ᠤᠨ ᠪᠠᠶᠢᠷᠢ ᠳᠤ ᠠᠬᠠᠯᠠᠬᠴᠢ᠂ ᠨᠢᠷᠤᠭᠤᠪᠴᠢ᠂ ᠭᠤᠤᠯᠯᠠᠬᠤ ᠬᠦᠴᠦᠨ ᠤ ᠥᠢᠯᠡᠳᠦᠯ ᠢᠶᠡᠨ ᠭᠠᠷᠭᠠᠵᠤ ᠪᠤᠢ᠃ ᠤᠳᠤᠬᠠᠨ ᠳᠤ᠂ ᠤᠷᠤᠨ ᠳᠠᠶᠠᠭᠠᠷ ᠲᠤ ᠮᠣᠩᠭ᠋ᠤᠯ ᠦᠨᠳᠤᠰᠤᠲᠠᠨ ᠢᠶᠡᠷ ᠭᠤᠤᠯᠯᠠᠬᠰᠠᠨ ᠴᠥᠬᠡᠨ ᠲᠤᠭᠠᠲᠤ ᠦᠨᠳᠤᠰᠤᠲᠠᠨ ᠤ ᠮᠣᠵᠢ ᠶᠢᠨ ᠵᠡᠷᠭᠡᠯᠡᠯ᠂ ᠭᠠᠵᠠᠷ ᠤᠷᠤᠨ ᠲᠢᠩᠬᠢᠮ ᠤᠨ ᠵᠡᠷᠭᠡᠯᠡᠯ ᠤᠨ ᠺᠠᠳ᠋ᠷ  ᠲᠤᠰᠪᠦᠷᠢ ᠠᠳᠠᠯᠢ ᠵᠡᠷᠭᠡᠯᠡᠯ ᠤᠨ ᠺᠠᠳ᠋ᠷ ᠤᠨ ᠶᠡᠷᠦᠩᠬᠡᠢ ᠲᠤᠭᠠᠨ ᠤ 42% ᠪᠠ 34% ᠶᠢ ᠡᠵᠡᠯᠡᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121449321