蒙古文网站Logo
ᠰᠢᠨᠬᠤᠸᠠ ᠮᠤᠩᠭ᠋ᠤᠯ ᠨᠧᠲ

ᠮᠠᠯᠴᠢᠨ ᠰᠤᠳᠤᠪᠢᠯᠢᠭ᠌ ᠤᠨ ᠤᠳᠤᠬᠢᠴᠢᠯᠠᠭᠰᠠᠨ ᠠᠮᠢᠳᠤᠷᠠᠯ

2017-08-08 15:53

ᠰᠤᠳᠤᠪᠢᠯᠢᠭ᠌ ᠤᠨ ᠭᠡᠷᠭᠡᠢ ᠨᠡᠷᠡᠨᠴᠢᠮᠡᠭ ᠴᠠᠬᠢᠯᠠᠭᠠᠨ ᠵᠤᠤᠬ᠎ᠠ ᠪᠡᠷ ᠬᠤᠭᠤᠯᠠ ᠬᠢᠵᠤ ᠪᠠᠶᠢᠭ᠎ᠠ ᠨᠢ

    46 ᠨᠠᠰᠤᠲᠠᠢ ᠰᠤᠳᠤᠪᠢᠯᠢᠭ᠌ ᠪᠤᠯ ᠦᠪᠦᠷ ᠮᠣᠩᠭᠣᠯ ᠤᠨ ᠦᠪᠡᠷᠲᠡᠭᠡᠨ ᠵᠠᠰᠬᠠᠤ ᠤᠷᠤᠨ ᠤ ᠰᠦᠨᠢᠳ ᠪᠠᠷᠠᠭᠤᠨ ᠬᠤᠰᠢᠭᠤᠨ ᠤ ᠰᠠᠶᠢᠬᠠᠨ ᠦᠯᠵᠡᠢ ᠰᠤᠮᠤᠨ ᠤ ᠨᠤᠭᠤᠭᠠᠨ ᠰᠢᠯᠢ ᠭᠠᠴᠠᠭᠠᠨ ᠤ ᠮᠠᠯᠴᠢᠨ᠂ 5 ᠠᠮᠠ ᠪᠦᠯᠢ ᠲᠠᠢ᠃ ᠦᠪᠡᠷᠰᠡᠳ ᠢᠶᠡᠨ 9000 ᠰᠢᠬᠠᠮ ᠮᠤ ᠨᠤᠲᠤᠭ ᠲᠠᠢ᠂ ᠳᠡᠭᠡᠷ᠎ᠠ ᠡᠴᠡ ᠨᠢ ᠵᠡᠷᠭᠡᠯᠡᠳᠡᠭᠡ ᠠᠶᠢᠯ ᠤᠨ 5000 ᠮᠤ ᠨᠤᠲᠤᠭ ᠢ ᠵᠢᠯ ᠳᠤ 3 ᠲᠦᠮᠡᠨ ᠲᠦᠬᠦᠷᠢᠭ᠌ ᠢᠶᠡᠷ ᠲᠦᠷᠢᠶᠡᠰᠦᠯᠡᠨ ᠠᠪᠴᠤ 400 ᠰᠢᠬᠠᠮ ᠡᠮ᠎ᠠ ᠬᠤᠨᠢ ᠲᠡᠵᠢᠭᠡᠵᠤ ᠪᠠᠶᠢᠨ᠎ᠠ᠃ 7 ᠰᠠᠷ᠎ᠠ ᠶᠢᠨ ᠡᠬᠢ ᠪᠡᠷ᠂ ᠲᠡᠷᠡ 350 ᠭᠠᠷᠤᠢ ᠬᠤᠷᠠᠭ᠎ᠠ ᠬᠤᠳᠠᠯᠳᠤᠵᠤ᠂ 21.5 ᠲᠦᠮᠡᠨ ᠲᠦᠬᠦᠷᠢᠭ᠌ ᠤᠨ ᠤᠷᠤᠯᠭ᠎ᠠ ᠤᠯᠤᠭᠠᠳ ᠪᠤᠢ᠃ ᠡᠭᠦᠨ ᠡᠴᠡ ᠭᠠᠳᠠᠨ᠎ᠠ ᠪᠡᠯᠴᠢᠭᠡᠷ ᠤᠨ ᠨᠦᠬᠦᠪᠦᠷᠢ ᠵᠡᠷᠭᠡ ᠲᠦᠷᠦ ᠶᠢᠨ ᠪᠤᠳᠤᠯᠭ᠎ᠠ ᠶᠢᠨ ᠴᠢᠨᠠᠷᠲᠠᠢ ᠤᠷᠤᠯᠭ᠎ᠠ ᠶᠢ ᠨᠡᠮᠡᠪᠡᠯ ᠵᠢᠯ ᠳᠤ 15 ᠲᠦᠮᠡᠨ ᠲᠦᠬᠦᠷᠢᠭ᠌ ᠤᠨ ᠴᠡᠪᠠᠷ ᠤᠷᠤᠯᠭ᠎ᠠ ᠤᠯᠵᠤ ᠪᠠᠶᠢᠨ᠎ᠠ᠃ ᠤᠳᠤ ᠰᠤᠳᠤᠪᠢᠯᠢᠭ᠌ ᠤᠨ ᠬᠢᠨ ᠴᠤ᠋ ᠰᠢᠨ᠎ᠠ ᠪᠠᠶᠢᠰᠢᠩ ᠳᠤ ᠰᠠᠭᠤᠵᠤ᠂ ᠲᠤᠭᠠᠯᠠᠯᠭ᠎ᠠ᠂ ᠲᠦᠭᠡᠭᠡᠯ ᠤᠰᠤ᠂ ᠴᠠᠬᠢᠯᠭᠠᠨ ᠤᠰᠤ ᠬᠠᠯᠠᠭᠤᠯᠬᠤ ᠬᠡᠷᠡᠭᠰᠡᠯ᠂ ᠬᠦᠯᠳᠡᠭᠡᠭᠦᠷ᠂ ᠠᠭᠠᠷ ᠲᠤᠬᠢᠷᠠᠭᠤᠯᠤᠭᠴᠢ᠂ ᠮᠠᠰᠢᠨ ᠲᠡᠷᠭᠡ᠂ ᠨᠸᠲ ᠵᠡᠷᠭᠡ ᠲᠦᠬᠦᠭᠡᠷᠦᠮᠵᠢ ᠨᠤᠭᠦᠳ ᠪᠦᠷᠢᠨ ᠲᠦᠬᠦᠷ ᠪᠠᠶᠢᠵᠤ ᠲᠠᠯ᠎ᠠ ᠨᠤᠲᠤᠭ ᠤᠨ ᠦᠷᠦᠴᠡᠨ ᠳᠡᠬᠢ ᠮᠠᠯᠴᠢᠨ ᠤᠳᠤᠬᠢᠴᠢᠯᠠᠭᠰᠠᠨ ᠠᠮᠢᠳᠤᠷᠠᠯ ᠡᠳ᠋ᠯᠠᠵᠤ ᠪᠤᠢ᠃ ( ᠵᠢᠷᠤᠭ ᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠷᠸᠨ ᠵᠢᠶ᠋ᠦ᠋ᠨ ᠴᠤᠸᠠᠨ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121450714