蒙古文网站Logo
ᠰᠢᠨᠬᠤᠸᠠ ᠮᠤᠩᠭ᠋ᠤᠯ ᠨᠧᠲ

ᠬᠦᠬᠡᠬᠤᠲᠠ 《ᠪᠠᠮᠪᠠᠶᠢᠬᠠᠢ ᠬᠤᠲᠠ》 ᠶᠢᠨ ᠪᠠᠶᠢᠭᠤᠯᠤᠯᠲᠠ ᠶᠢ ᠦᠷᠭᠦᠯᠵᠢᠯᠡᠨ ᠠᠬᠢᠭᠤᠯᠵᠤ ᠪᠤᠢ

2017-08-14 15:49

    ᠪᠠᠮᠪᠠᠶᠢᠬᠠᠢ ᠲᠠᠢ ᠠᠳᠠᠯᠢ ᠪᠡᠷ ᠣᠷᠴᠢᠨ ᠲᠤᠭᠤᠷᠢᠨ ᠤ ᠬᠤᠪᠢᠰᠤᠯᠲᠠ ᠳᠤ ᠵᠣᠬᠢᠴᠠᠬᠤ ᠪᠤᠯᠤᠨ ᠪᠠᠶᠢᠭᠠᠯᠢ ᠶᠢᠨ ᠭᠠᠮᠰᠢᠭ ᠢ  ᠠᠷᠭᠠᠴᠠᠬᠤ ᠵᠡᠷᠭᠡ ᠲᠠᠯ᠎ᠠ ᠪᠡᠷ ᠨᠡᠯᠢᠶᠡᠳ ᠰᠠᠶᠢᠨ 《ᠬᠢᠷᠠᠮᠠᠬᠠᠢ ᠴᠢᠨᠠᠷ》ᠲᠠᠢ᠂ ᠪᠤᠷᠤᠭᠠᠨ ᠤᠷᠤᠬᠤ ᠦᠶᠡᠰ ᠤᠰᠤ ᠰᠢᠩᠬᠡᠬᠡᠬᠦ᠂ ᠤᠰᠤ ᠬᠠᠳᠠᠭᠠᠭᠯᠠᠬᠤ ᠪᠠ ᠤᠰᠤ ᠴᠡᠪᠡᠷᠰᠢᠯᠡᠬᠦᠯᠵᠤ᠂ ᠬᠡᠷᠡᠭᠴᠡᠭᠡᠲᠠᠢ ᠦᠶᠡᠰ ᠲᠤ ᠬᠠᠳᠠᠭᠠᠯᠠᠬᠰᠠᠨ ᠤᠰᠤ ᠪᠡᠨ 《ᠲᠠᠯᠪᠢᠬᠤ》 ᠶᠢᠨ ᠬᠠᠮᠲᠤ ᠠᠰᠢᠬᠯᠠᠵᠤ ᠬᠡᠷᠡᠭᠯᠡᠴᠢᠬᠡᠳᠡᠭ ᠡᠶᠢᠮᠦ ᠬᠤᠲᠠ ᠶᠢ 《ᠪᠠᠮᠪᠠᠶᠢᠬᠠᠢ ᠬᠤᠲᠠ》ᠬᠡᠳᠡᠭ᠃ ᠰᠡᠬᠦᠯ ᠤᠨ ᠵᠢᠯ ᠤᠳ ᠲᠤ ᠬᠦᠬᠡᠬᠤᠲᠠ 《ᠪᠠᠮᠪᠠᠶᠢᠬᠠᠢ ᠬᠤᠲᠠ》 ᠶᠢᠨ ᠪᠠᠶᠢᠭᠤᠯᠤᠯᠲᠠ ᠪᠠᠨ ᠦᠷᠭᠡᠳᠭᠡᠭ᠍ᠰᠡᠨ ᠢᠶᠡᠷ ᠬᠤᠲᠠ ᠶᠢᠨ ᠢᠷᠭᠡᠳ ᠠᠭᠠᠵᠢᠮ ᠢᠶᠡᠷ ᠤᠰᠤ ᠲᠤᠨᠤᠭᠰᠠᠨ ᠬᠤᠲᠠ ᠤᠯᠵᠤ ᠬᠠᠷᠠᠬᠤ ᠪᠠᠨ ᠪᠤᠯᠢᠬᠰᠠᠨ᠃

    ᠬᠤᠲᠠ ᠶᠢᠨ ᠲᠤᠭᠤᠷᠢᠭ ᠲᠤ ᠤᠰᠤᠳᠤᠬᠤ ᠦᠵᠡᠭᠳᠡᠯ ᠤᠷᠤᠰᠢᠬᠤ ᠰᠢᠯᠳᠠᠭᠠᠨ ᠳᠤ ᠠᠵᠢᠯ ᠮᠡᠷᠭᠡᠵᠢᠯ ᠤᠨ ᠬᠢᠨ ᠤ ᠰᠤᠷᠪᠤᠯᠵᠢᠯᠠᠬᠴᠢ ᠳᠤ ᠲᠠᠨᠢᠯᠴᠠᠭᠤᠯᠤᠭᠰᠠᠨ ᠢᠶᠡᠷ᠂ ᠭᠤᠤᠯᠳᠠᠭᠤ ᠲᠤᠬᠰᠢᠨ ᠪᠤᠷᠤᠭᠠᠨ ᠪᠤᠶᠤ ᠦᠷᠭᠦᠯᠵᠢᠯᠡᠭᠰᠡᠨ ᠬᠤᠷ᠎ᠠ ᠪᠤᠷᠤᠭᠠᠨ ᠬᠤᠲᠠ ᠶᠢᠨ ᠤᠰᠤ ᠲᠠᠳᠠᠷᠠᠭᠤᠯᠬᠤ ᠴᠢᠳᠠᠪᠤᠷᠢ ᠡᠴᠡ ᠳᠠᠪᠠᠬᠰᠠᠨ᠂ ᠵᠢᠱᠢᠶᠡᠯᠡᠪᠡᠯ ᠴᠤᠨᠤᠭ ᠤᠨ ᠲᠤᠭ᠎ᠠ ᠬᠡᠲᠤ ᠴᠥᠬᠡᠨ; ᠤᠰᠤ ᠲᠠᠳᠠᠷᠠᠭᠤᠯᠬᠤ ᠬᠤᠭᠤᠯᠠᠢ ᠬᠡᠲᠤ ᠨᠠᠷᠢᠨ ᠡᠴᠡ ᠪᠤᠯᠵᠤ ᠤᠰᠤ ᠲᠠᠳᠠᠷᠠᠭᠤᠯᠬᠤ ᠬᠤᠷᠳᠤᠴᠠ ᠤᠳᠠᠭᠠᠨ ᠵᠡᠷᠭᠡ ᠰᠢᠯᠳᠠᠭᠠᠨ ᠡᠴᠡ ᠪᠤᠯᠵᠡᠢ᠃ ᠡᠬᠦᠨ ᠡᠴᠡ ᠭᠠᠳᠠᠨ᠎ᠠ᠂ ᠵᠠᠷᠢᠮ ᠡᠭᠴᠡᠷᠡᠯ ᠶᠡᠬᠡᠲᠠᠢ ᠭᠠᠵᠠᠷ ᠲᠤ ᠤᠰᠤ ᠲᠠᠳᠠᠷᠠᠭᠤᠯᠬᠤ  ᠨᠢ ᠰᠠᠭᠠᠳ ᠲᠠᠢ ᠪᠤᠯᠬᠤ ᠪᠤᠶᠤ ᠤᠰᠤ ᠲᠠᠳᠠᠷᠠᠭᠤᠯᠬᠤ ᠬᠤᠭᠤᠯᠠᠢ ᠴᠥᠬᠡᠨ ᠡᠴᠡ ᠪᠤᠯᠵᠤ ᠪᠠᠰᠠ ᠤᠰᠤᠳᠤᠬᠤ ᠦᠵᠡᠭᠳᠡᠯ ᠤᠷᠤᠰᠢᠳᠠᠭ᠃

    ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ 《 〈ᠪᠠᠮᠪᠠᠶᠢᠬᠠᠢ ᠬᠤᠲᠠ〉 ᠶᠢᠨ ᠪᠠᠶᠢᠭᠤᠯᠤᠯᠲᠠ ᠶᠢ ᠠᠬᠢᠭᠤᠯᠬᠤ ᠰᠠᠨᠠᠯ》  ᠢ ᠨᠡᠶᠢᠲᠡᠯᠡᠬᠤ ᠶᠢᠨ ᠬᠠᠮᠲᠤ ᠤᠷᠤᠨ ᠳᠠᠶᠠᠭᠠᠷ ᠢᠶᠡᠨ 《ᠪᠠᠮᠪᠠᠶᠢᠬᠠᠢ ᠬᠤᠲᠠ》 ᠪᠥᠲᠦᠬᠡᠨ ᠪᠠᠶᠢᠭᠤᠯᠬᠤ ᠴᠠᠭ ᠤᠨ ᠬᠤᠪᠢᠶᠠᠷᠢ ᠶᠢ ᠴᠤ ᠨᠡᠶᠢᠲᠡᠯᠡᠪᠡ᠄ ᠥᠨᠦ ᠵᠢᠯ ᠤᠨ 10 ᠰᠠᠷ᠎ᠠ ᠶᠢᠨ ᠡᠴᠤᠰ ᠪᠤᠯᠲᠠᠯ᠎ᠠ ᠡᠯ᠎ᠠ ᠠᠶᠢᠮᠠᠭ ᠬᠤᠲᠠ 《ᠪᠠᠮᠪᠠᠶᠢᠬᠠᠢ ᠬᠤᠲᠠ》 ᠶᠢᠨ ᠲᠤᠰᠬᠠᠢ ᠲᠦᠯᠦᠪᠯᠡᠬᠡᠨ ᠤ ᠲᠦᠰᠦᠯ ᠢ ᠬᠢᠵᠤ ᠭᠠᠷᠭᠠᠨ᠎ᠠ; 2017 ᠤᠨ ᠤ ᠡᠴᠤᠰ ᠪᠤᠯᠲᠠᠯ᠎ᠠ 《ᠪᠠᠮᠪᠠᠶᠢᠬᠠᠢ ᠬᠤᠲᠠ》ᠪᠥᠲᠦᠬᠡᠨ ᠪᠠᠶᠢᠭᠤᠯᠬᠤ ᠲᠦᠯᠦᠪᠯᠡᠬᠡ ᠪᠤᠯᠤᠨ ᠭᠤᠷᠪᠠᠨ ᠵᠢᠯ ᠤᠨ ᠤᠷᠴᠢᠯᠳᠠ ᠪᠦᠲᠦᠬᠡᠨ ᠪᠠᠶᠢᠭᠤᠯᠬᠤ ᠲᠦᠯᠦᠪᠯᠡᠬᠡ ᠪᠡᠨ ᠪᠡᠶᠡᠯᠡᠬᠦᠯᠦᠨ᠎ᠠ;2020 ᠤᠨ ᠪᠤᠯᠬᠤ ᠳᠤ᠂ ᠪᠠᠶᠢᠭᠤᠯᠤᠯᠲᠠ ᠶᠢᠨ ᠤᠷᠤᠨ ᠤ 20% ᠡᠴᠡ ᠳᠡᠭᠡᠭ᠍ᠰᠢᠬᠢ ᠲᠠᠯᠠᠪᠠᠢ ᠶᠢ ᠬᠠᠷᠠᠯᠳᠠ ᠶᠢᠨ ᠱᠠᠭᠠᠷᠳᠠᠯᠭ᠎ᠠ ᠳᠤ ᠬᠦᠷᠭᠡᠬᠦ ᠪᠡᠷ ᠳᠠᠮᠵᠢᠨ ᠬᠤᠷ᠎ᠠ ᠪᠤᠷᠤᠭᠠᠨ ᠤ ᠤᠰᠤᠨ ᠤ  70% ᠶᠢ ᠭᠠᠵᠠᠷ ᠳᠡᠭᠡᠷ᠎ᠠ ᠨᠢ ᠰᠢᠩᠬᠡᠬᠡᠭᠦ ᠪᠠ ᠠᠰᠢᠬᠯᠠᠵᠤ᠂ ᠪᠠᠶᠢᠭᠠᠯᠢᠯᠢᠬ ᠬᠠᠳᠠᠭᠠᠯᠠᠬᠤ᠂ ᠪᠠᠶᠢᠭᠠᠯᠢᠯᠢᠬ ᠨᠡᠪᠴᠢᠬᠦ᠂ ᠪᠠᠶᠢᠭᠠᠯᠢᠯᠢᠬ ᠴᠡᠪᠡᠷᠰᠢᠭᠦᠯᠦᠭᠰᠡᠨ 《ᠪᠠᠮᠪᠠᠶᠢᠬᠠᠢ ᠬᠤᠲᠠ》ᠪᠠᠶᠢᠭᠤᠯᠬᠤ  ᠵᠠᠷᠴᠢᠮ ᠢ ᠬᠤᠲᠠ ᠶᠢᠨ ᠲᠦᠯᠦᠪᠵᠢᠭᠦᠯᠦᠯᠲᠠ ᠶᠢᠨ ᠪᠠᠶᠢᠭᠤᠯᠤᠯᠲᠠ ᠳᠤ ᠪᠦᠬᠦ ᠲᠠᠯ᠎ᠠ ᠪᠡᠷ ᠬᠡᠷᠡᠭᠵᠢᠭᠦᠯᠬᠦ ᠶᠢᠨ ᠵᠡᠷᠭᠡᠴᠡᠭᠡ ᠬᠤᠲᠠ ᠶᠢᠨ ᠭᠤᠤᠯ ᠨᠠᠭᠤᠷ ᠪᠤᠯᠤᠨ ᠠᠭᠤᠯᠠ ᠤᠢ ᠲᠠᠷᠢᠶ᠎ᠠ ᠵᠡᠷᠭᠡ ᠠᠮᠢ ᠠᠬᠤᠢ ᠶᠢᠨ ᠤᠷᠤᠨ ᠵᠠᠶ ᠶᠢ ᠪᠦᠳᠦᠮᠵᠢᠲᠠᠢ ᠬᠠᠮᠠᠭᠠᠯᠠᠨ᠎ᠠ; 2030 ᠤᠨ ᠳᠤ᠂ ᠪᠠᠶᠢᠭᠤᠯᠤᠯᠲᠠ ᠶᠢᠨ ᠤᠷᠤᠨ ᠤ 80 % ᠡᠴᠡ ᠳᠡᠭᠡᠭ᠍ᠰᠢᠬᠢ ᠲᠠᠯᠠᠪᠠᠢ ᠶᠢ ᠬᠠᠷᠠᠯᠳᠠ ᠶᠢᠨ ᠱᠠᠭᠠᠷᠳᠠᠯᠭ᠎ᠠ ᠳᠤ ᠬᠦᠷᠭᠡᠵᠤ᠂ ᠨᠦᠬᠦᠴᠡᠯ ᠪᠦᠷᠢᠯᠳᠦᠭᠰᠡᠨ ᠬᠤᠰᠢᠭᠤ ᠰᠢᠶᠠᠨ ᠳᠤ《ᠪᠠᠮᠪᠠᠶᠢᠬᠠᠢ ᠬᠤᠲᠠ》ᠪᠠᠶᠢᠭᠤᠯᠬᠤ ᠠᠵᠢᠯ ᠦᠷᠨᠢᠬᠦᠯᠦᠨ᠎ᠠ᠃

ᠢᠷᠡᠯᠳᠡ᠄ ᠬᠦᠬᠡᠬᠤᠲᠠ ᠶᠢᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121480854