蒙古文网站Logo
ᠰᠢᠨᠬᠤᠸᠠ ᠮᠤᠩᠭ᠋ᠤᠯ ᠨᠧᠲ

ᠤᠷᠠᠳ ᠤᠨ ᠳᠤᠮᠳᠠᠲᠤ ᠬᠤᠰᠢᠭᠤᠨ ᠤ ᠳᠡᠯ ᠠᠭᠤᠯᠠ ᠶᠢᠨ ᠤᠰᠤᠨ ᠴᠦᠬᠦᠷᠦᠮ ᠤᠨ ᠦᠵᠡᠮᠦᠷᠢ ᠶᠢᠨ ᠤᠷᠤᠨ ᠡᠴᠡ ᠡᠷᠳᠡᠨ ᠤ ᠬᠤᠲᠠ ᠶᠢᠨ ᠪᠠᠭᠤᠷᠢ ᠶᠢ ᠢᠯᠡᠷᠡᠭᠦᠯᠪᠠ

2017-08-16 16:45

    ᠲᠦᠷᠦᠭᠦᠬᠡᠨ᠂ ᠠᠷᠭᠢᠯᠤᠭᠢᠴᠢᠳ ᠤᠷᠠᠳ ᠤᠨ ᠳᠤᠮᠳᠠᠲᠤ ᠬᠤᠰᠢᠭᠤᠨ ᠤ ᠳᠡᠯ ᠠᠭᠤᠯᠠ ᠶᠢᠨ ᠤᠰᠤᠨ ᠴᠦᠬᠦᠷᠦᠮ ᠤᠨ ᠤᠯᠤᠰ ᠤᠨ ᠤᠰᠤᠨ ᠠᠰᠢᠭᠯᠠᠯᠲᠠ ᠶᠢᠨ ᠦᠵᠡᠮᠦᠷᠢ ᠶᠢᠨ ᠪᠦᠰᠡ ᠶᠢᠨ ᠵᠠᠭᠦᠨ ᠠᠭᠤᠯᠠᠨ ᠡᠴᠡ 2000 ᠵᠢᠯ ᠤᠨ ᠡᠮᠦᠨᠡᠬᠢ ᠡᠷᠳᠡᠨ ᠤ ᠬᠤᠲᠠ ᠶᠢᠨ ᠪᠠᠭᠤᠷᠢ ᠶᠢ ᠢᠯᠡᠷᠡᠭᠦᠯᠪᠠ᠃

    ᠡᠨᠡ ᠨᠢ ᠲᠤᠮᠤ ᠲᠤᠭᠤᠷᠢᠭ ᠬᠡᠯᠪᠡᠷᠢ ᠶᠢᠨ ᠡᠷᠳᠡᠨ ᠤ ᠬᠤᠲᠠ ᠪᠠᠶᠢᠵᠤ᠂ ᠤᠷᠠᠳ ᠤᠨ ᠳᠤᠮᠳᠠᠳᠤ ᠬᠤᠰᠢᠭᠤᠨ ᠤ ᠡᠮᠦᠨ᠎ᠠ ᠠᠭᠤᠯᠠ ᠶᠢᠨ ᠪᠠᠶᠢᠯᠳᠤᠭᠠᠨᠲᠤ ᠤᠯᠤᠰ ᠤᠨ ᠵᠤᠤ ᠤᠯᠤᠰ ᠤᠨ ᠴᠠᠭᠠᠨ ᠬᠡᠷᠡᠮ ᠡᠴᠡ 4 ᠺᠢᠯᠦᠮᠸᠲ᠋ᠷ ᠤᠨ ᠵᠠᠶᠢᠲᠠᠢ ᠳᠤ ᠪᠠᠶᠢᠷᠢᠯᠠᠵᠤ ᠪᠤᠢ᠃ ᠡᠷᠲᠡᠨ ᠤ ᠬᠤᠲᠠ ᠶᠢᠨ ᠬᠦᠷᠢᠶᠡᠨ ᠤ ᠤᠷᠳᠤ ᠨᠢ 7 ᠺᠢᠯᠦᠮᠸᠲ᠋ᠷ᠂ ᠪᠠᠷᠤᠭ 3200 ᠮᠤ ᠲᠠᠯᠠᠪᠠᠢ ᠲᠠᠢ᠃ ᠡᠷᠲᠡᠨ ᠤ ᠬᠤᠲᠠ ᠶᠢᠨ ᠪᠠᠷᠠᠭᠤᠨ ᠬᠡᠷᠡᠮ ᠪᠤᠯᠤᠨ ᠡᠮᠦᠨ᠎ᠠ ᠭᠡᠷᠡᠮ ᠢ ᠴᠢᠯᠠᠭᠤ ᠪᠡᠷ ᠪᠠᠷᠢᠵᠤ᠂ ᠬᠡᠷᠡᠮ ᠤᠨ ᠵᠤᠵᠠᠭᠠᠨ ᠨᠢ ᠪᠠᠷᠤᠭ 1.5 ᠮᠸᠲ᠋ᠷ᠂ ᠦᠨᠳᠦᠷ ᠨᠠᠮ ᠨᠢ ᠠᠳᠠᠯᠢ ᠦᠭᠡᠢ᠂ ᠦᠨᠳᠦᠷ ᠬᠡᠰᠡᠭ ᠲᠤ ᠨᠢ 2-3 ᠮᠸᠲ᠋ᠷ ᠪᠤᠢ᠃ ᠵᠡᠭᠦᠨ ᠬᠡᠷᠡᠮ ᠪᠤᠯᠤᠨ ᠬᠤᠢᠢᠨ᠎ᠠ ᠬᠡᠷᠡᠮ ᠢ ᠰᠢᠷᠦᠢ ᠪᠡᠷ ᠪᠠᠷᠢᠵᠠᠢ᠂ ᠬᠤᠳᠠ  ᠢᠢᠨ ᠴᠢᠯᠠᠭᠤᠨ ᠬᠡᠷᠡᠮ ᠤᠨ ᠳᠠᠭᠠᠤ ᠵᠤᠬᠢᠬᠤ ᠵᠠᠶ ᠪᠤᠯᠭᠠᠨ ᠳᠤ ᠴᠢᠯᠠᠭᠤᠨ ᠭᠡᠷ ᠤᠨ ᠪᠠᠭᠤᠷᠢ ᠲᠠᠢ᠃ ᠤᠳᠤᠬᠠᠨ ᠳᠤ᠂ ᠦᠪᠦᠷ ᠮᠣᠩᠭᠣᠯ ᠤᠨ ᠬᠠᠭᠤᠴᠢ ᠰᠤᠳᠤᠯᠤᠯ ᠤᠨ ᠲᠠᠰᠤᠭ ᠤᠨ ᠠᠷᠭᠢᠯᠤᠭᠢᠴᠢᠳ ᠡᠨᠡᠬᠦ ᠡᠷᠲᠡᠨ ᠤ ᠬᠤᠲᠠ ᠶᠢᠨ ᠪᠠᠭᠤᠷᠢ ᠶᠢ ᠰᠤᠳᠤᠯᠤᠨ ᠨᠤᠲᠠᠯᠠᠵᠤ ᠪᠤᠢ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠡᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121493728