蒙古文网站Logo
ᠰᠢᠨᠬᠤᠸᠠ ᠮᠤᠩᠭ᠋ᠤᠯ ᠨᠧᠲ

ᠦᠨᠦ ᠵᠢᠯ ᠬᠥᠬᠡᠬᠤᠳᠡ《 ᠭᠤᠷᠪᠠ ᠵᠢ ᠲᠡᠮᠵᠢᠵᠤ ᠨᠢᠭᠡ ᠵᠢ ᠲᠡᠳᠬᠥᠬᠥ》ᠵᠡᠷᠭᠡ ᠭᠤᠷᠪᠠᠨ ᠲᠦᠷᠦᠯ ᠤᠨ ᠦᠨᠳᠤᠰᠤᠨ ᠱᠠᠳᠤᠨ ᠦ ᠦᠢᠯᠡᠴᠢᠯᠡᠭᠡᠨ ᠤ ᠲᠦᠰᠦᠯ ᠳᠤ 1800 ᠬᠥᠮᠤᠨ ᠡᠯᠰᠡᠨ᠎ᠡ

2017-08-18 10:30

    ᠰᠢᠨᠬᠤᠸᠠ ᠨᠧᠲ  ᠬᠥᠬᠡᠬᠤᠳᠡ ᠵᠢᠨ 8 ᠰᠠᠷ᠎ᠠ ᠵᠢᠨ 16 ᠦ ᠡᠳᠤᠷ ᠦᠨ ᠴᠠᠬᠢᠯᠭᠠᠨ ᠮᠡᠳᠡᠭᠡ ( ᠯᠢ ᠴᠢᠶᠠᠨ) 16 ᠦ ᠡᠳᠤᠷ᠂ ᠰᠢᠨᠬᠤᠸᠠ ᠨᠧᠲ ᠬᠥᠭᠡᠬᠤᠳᠡ ᠵᠢᠨ ᠬᠥᠮᠤᠨ ᠦ ᠨᠦᠬᠡᠴᠡ ᠪᠠ ᠨᠡᠶᠢᠭᠡᠮ ᠦᠨ ᠪᠠᠳᠤᠯᠠᠭ᠎ᠠ ᠵᠢᠨ ᠲᠤᠪᠴᠢᠶ᠎ᠠ ᠡᠴᠡ ᠦᠢᠯᠠᠭᠠᠭᠰᠠᠨ ᠢᠶᠡᠷ᠂ ᠬᠥᠭᠡᠬᠤᠳᠡ 2017 ᠤᠨ ᠳ᠋ᠤ 《ᠭᠤᠷᠪᠠ ᠵᠢ ᠲᠡᠮᠵᠢᠵᠤ ᠨᠢᠭᠡ ᠵᠢ ᠲᠡᠳᠬᠥᠬᠥ》 ᠲᠦᠷᠦᠯ ᠳᠤ 250 ᠬᠥᠮᠤᠨ ᠡᠯᠰᠡᠵᠤ᠂ ᠨᠡᠶᠢᠭᠡᠮ ᠲᠤᠭᠤᠷᠢᠬ ᠦᠨ ᠢᠷᠭᠡᠳ ᠤᠨ ᠠᠮᠢᠵᠢᠷᠠᠭᠠᠨ ᠤ ᠠᠵᠢᠯ ᠦᠨ ᠰᠠᠶᠢᠨ ᠲᠤᠷ᠎ᠠ ᠶᠢᠨ ᠠᠵᠢᠯᠳᠠᠨ 550 ᠡᠯᠰᠡᠵᠤ᠂ ᠴᠢᠳᠠᠪᠤᠷᠢᠳᠠᠨ ᠦ ᠨᠦᠭᠡᠴᠡ ᠲᠦᠯᠤᠪᠯᠡᠭᠡ ᠳ᠋ᠤ 1000 ᠬᠥᠮᠤᠨ ᠡᠯᠰᠡᠨ᠎ᠠ᠃

    ᠦᠢᠯᠠᠭᠠᠭᠰᠠᠨ ᠵᠢᠡᠷ᠂ 《ᠭᠤᠷᠪᠠ ᠵᠢ ᠲᠡᠮᠵᠢᠵᠤ ᠨᠢᠭᠡ ᠵᠢ ᠲᠡᠳᠬᠥᠬᠥ》᠂ ᠨᠡᠶᠢᠭᠡᠮ ᠲᠤᠭᠤᠷᠢᠬ ᠦᠨ ᠢᠷᠭᠡᠳ ᠤᠨ ᠠᠮᠢᠵᠢᠷᠠᠭᠠᠨ ᠤ ᠠᠵᠢᠯ ᠦᠨ ᠰᠠᠶᠢᠨ ᠲᠤᠷ᠎ᠠ ᠶᠢᠨ ᠠᠵᠢᠯᠳᠠᠨ ᠵᠢᠴᠢ ᠪᠤᠯᠪᠠᠰᠤᠨ ᠬᠦᠴᠦᠨ ᠤ ᠨᠦᠭᠡᠴᠡ ᠵᠢᠨ ᠲᠦᠰᠦᠯ ᠤᠨ ᠦᠢᠯᠡᠴᠢᠯᠡᠬᠥ ᠬᠤᠭᠤᠴᠠᠭ᠎ᠠ ᠨᠢ ᠴᠦᠮ ᠬᠤᠶᠠᠷ ᠵᠢᠯ ᠪᠤᠯᠤᠨ᠎ᠠ᠃ 《ᠭᠤᠷᠪᠠ ᠵᠢ ᠲᠡᠮᠵᠢᠵᠤ ᠨᠢᠭᠡ ᠵᠢ ᠲᠡᠳᠬᠥᠬᠥ》 ᠪᠠ ᠨᠡᠶᠢᠭᠡᠮ ᠲᠤᠭᠤᠷᠢᠬ ᠦᠨ ᠢᠷᠭᠡᠳ ᠤᠨ ᠠᠮᠢᠵᠢᠷᠠᠭᠠᠨ ᠤ ᠠᠵᠢᠯ ᠦᠨ ᠰᠠᠶᠢᠨ ᠲᠤᠷ᠎ᠠ ᠶᠢᠨ ᠠᠵᠢᠯᠳᠠᠨ ᠤ ᠦᠢᠯᠡᠴᠢᠯᠡᠬᠡᠨ ᠤ ᠬᠤᠭᠤᠴᠠᠭᠠᠨ ᠳ᠋ᠤ ᠡᠯ᠎ᠠ ᠬᠤᠰᠢᠭᠤ ᠰᠢᠶᠠᠨ ᠲᠤᠭᠤᠷᠢᠬ (ᠨᠡᠭᠡᠭᠡᠨ ᠬᠥᠭ᠍ᠵᠢᠬᠥᠯᠬᠥ ᠤᠷᠤᠨ) ᠦ᠋ᠨ ᠬᠦᠮᠤᠨ ᠦ ᠨᠦᠬᠡᠴᠡ ᠪᠠ ᠨᠡᠶᠢᠭᠡᠮ ᠦᠨ ᠪᠠᠳᠤᠯᠠᠭ᠎ᠠ ᠵᠢᠨ ᠲᠤᠪᠴᠢᠶ᠎ᠠ ᠡᠴᠡ ᠬᠥᠮᠤᠨ ᠪᠦᠷᠢ ᠰᠠᠷ᠎ᠠ ᠳ᠋ᠤ 2500 ᠲᠦᠬᠥᠷᠢᠭ᠌᠌ ᠦᠨ ᠠᠮᠢᠳᠤᠷᠠᠯ ᠦᠨ ᠨᠦᠬᠥᠪᠤᠷᠢ ᠦᠭ᠍ᠬᠥᠨ᠎ᠠ᠂ ᠡᠬᠥᠨ ᠦ ᠵᠡᠷᠭᠡᠴᠡᠬᠡ ᠰᠢᠨ᠎ᠠ ᠪᠡᠷ ᠡᠯᠰᠡᠭᠳᠡᠭᠰᠡᠨ ᠪᠦᠭᠡᠳ 6 ᠰᠠᠷ᠎ᠠ ᠡᠴᠡ ᠲᠡᠭᠡᠭ᠍ᠰᠢ ᠠᠵᠢᠯᠯᠠᠭᠰᠠᠨ《ᠭᠤᠷᠪᠠ ᠵᠢ ᠲᠡᠮᠵᠢᠵᠤ ᠨᠢᠭᠡ ᠵᠢ ᠲᠡᠳᠬᠥᠬᠥ》᠂ ᠨᠡᠶᠢᠭᠡᠮ ᠲᠤᠭᠤᠷᠢᠬ ᠦᠨ ᠢᠷᠭᠡᠳ ᠤᠨ ᠠᠮᠢᠵᠢᠷᠠᠭᠠᠨ ᠤ ᠠᠵᠢᠯ ᠦᠨ ᠰᠠᠶᠢᠨ ᠲᠤᠷ᠎ᠠ ᠶᠢᠨ ᠠᠵᠢᠯᠳᠠᠨ(ᠶᠡᠬᠡ ᠲᠡᠭᠡᠳᠤ ᠰᠤᠷᠭᠠᠭᠤᠯᠢ ᠡᠴᠡ ᠲᠡᠬᠦᠰᠦᠭᠰᠡᠨ ᠤᠶᠤᠳᠠᠨ) ᠳᠤ ᠬᠥᠮᠤᠨ ᠪᠦᠷᠢ 2000 ᠲᠦᠬᠥᠷᠢᠭ᠌ ᠦᠨ ᠤᠷᠤᠨ ᠰᠠᠭᠤᠴᠠ ᠪᠠᠨ ᠲᠦᠪᠬᠢᠨᠡᠬᠦᠯᠬᠦ ᠨᠢᠭᠡ ᠯᠡ ᠤᠳᠠᠭ᠎ᠠ ᠵᠢᠨ ᠨᠦᠬᠥᠪᠤᠷᠢ ᠦᠭ᠍ᠬᠦ ᠪᠦᠭᠡᠳ ᠬᠤᠯᠪᠤᠬᠳᠠᠯ ᠪᠦᠬᠥᠢ ᠲᠤᠬᠳᠠᠭᠠᠯ ᠶᠤᠰᠤᠭᠠᠷ ᠨᠡᠶᠢᠭᠡᠮ ᠦᠨ ᠲᠠᠭᠠᠳᠬᠠᠯ ᠳ᠋ᠤ ᠤᠷᠤᠭᠤᠯᠤᠨ᠎ᠠ᠃

    ᠪᠤᠯᠪᠠᠰᠤᠨ ᠬᠦᠴᠦᠨ ᠤ ᠨᠦᠭᠡᠴᠡ ᠳ᠋ᠤ ᠤᠷᠤᠯᠴᠠᠭᠰᠠᠨ ᠶᠡᠬᠡ ᠲᠡᠭᠡᠳᠤ ᠰᠤᠷᠭᠠᠭᠤᠯᠢ ᠲᠡᠬᠥᠰᠦᠭᠰᠡᠳ ᠨᠢ ᠨᠦᠬᠡᠴᠡ ᠶᠢᠨ ᠰᠠᠭᠤᠷᠢᠨ ᠳ᠋ᠡᠬᠢ ᠠᠳᠠᠯᠢ ᠲᠦᠷᠤᠯ ᠦᠨ ᠠᠵᠢᠯᠳᠠᠨ ᠦ ᠴᠠᠯᠢᠩ ᠲᠠᠭᠠᠳᠬᠠᠯ ᠬᠠᠷᠠᠭᠠᠯᠵᠠᠯ ᠢ ᠬᠦᠷᠳᠡᠨ᠎ᠠ᠃ ᠵᠠᠰᠠᠬ ᠦᠨ ᠤᠷᠳᠤᠨ ᠡᠴᠡ ᠪᠤᠯᠪᠰᠤᠨ ᠬᠦᠴᠦᠨ ᠤ ᠨᠦᠭᠡᠴᠡ ᠳ᠋ᠤ ᠤᠷᠤᠯᠴᠠᠭᠰᠠᠨ ᠶᠡᠬᠡ ᠲᠡᠭᠡᠳᠤ ᠰᠤᠷᠭᠠᠭᠤᠯᠢ ᠲᠡᠬᠥᠰᠦᠭᠰᠨ ᠤᠶᠤᠳᠠᠳ ᠲᠤ ᠬᠥᠮᠤᠨ ᠪᠦᠷᠢ ᠰᠠᠷ᠎ᠠ ᠳ᠋ᠤ 700 ᠲᠦᠬᠥᠷᠢᠭ᠌᠌ ᠦᠨ ᠠᠮᠢᠳᠤᠷᠠᠯ ᠦᠨ ᠨᠦᠬᠥᠪᠤᠷᠢ ᠦᠭᠴᠤ᠂ ᠪᠤᠯᠪᠠᠰᠤᠨ ᠬᠦᠴᠦᠨ ᠤ ᠨᠦᠭᠡᠴᠡ ᠵᠢᠨ ᠰᠠᠭᠤᠷᠢᠨ ᠡᠴᠡ ᠨᠦᠭᠡᠴᠡ ᠬᠥᠮᠤᠰ ᠲᠤ ᠴᠠᠯᠢᠩ ᠦᠭ᠍ᠭᠦ ᠪᠦᠭᠡᠳ ᠨᠡᠶᠢᠭᠡᠮ ᠦᠨ ᠲᠠᠭᠠᠳᠬᠠᠯ ᠲᠤᠰᠢᠶᠠᠵᠤ ᠦᠭ᠍ᠬᠦᠨ᠎ᠡ᠃

    《ᠭᠤᠷᠪᠠ ᠵᠢ ᠲᠡᠮᠵᠢᠵᠤ ᠨᠢᠭᠡ ᠵᠢ ᠲᠡᠳᠬᠥᠬᠥ》᠂ ᠨᠡᠶᠢᠭᠡᠮ ᠲᠤᠭᠤᠷᠢᠬ ᠦᠨ ᠢᠷᠭᠡᠳ ᠤᠨ ᠠᠮᠢᠵᠢᠷᠠᠭᠠᠨ ᠤ ᠠᠵᠢᠯ ᠦᠨ ᠰᠠᠶᠢᠨ ᠲᠤᠷ᠎ᠠ ᠶᠢᠨ ᠠᠵᠢᠯᠳᠠᠨ ᠵᠢᠴᠢ ᠪᠤᠯᠪᠠᠰᠤᠨ ᠬᠦᠴᠦᠨ ᠤ ᠨᠦᠭᠡᠴᠡ ᠵᠢᠨ ᠲᠦᠰᠦᠯ ᠤᠨ ᠬᠦᠮᠦᠰ ᠤᠨ ᠦᠢᠯᠡᠴᠢᠯᠡᠬᠡᠨ ᠤ ᠬᠤᠭᠤᠴᠠᠭ᠎ᠠ ᠲᠠᠭᠤᠰᠤᠭᠰᠠᠨ ᠤ ᠲᠠᠷᠠᠭ᠎ᠠ᠂ ᠦᠪᠦᠷ ᠮᠤᠩᠭ᠋ᠤᠯ ᠤᠨ ᠠᠯᠪᠠ ᠬᠠᠭᠠᠭᠴᠢ᠂ ᠦᠪᠦᠷ ᠮᠤᠩᠭ᠋ᠤᠯ ᠤᠨ ᠠᠵᠢᠯ ᠦᠢᠯᠡᠰ ᠤᠨ ᠪᠠᠶᠢᠭᠤᠯᠤᠯᠭ᠎ᠠ ᠨᠢᠬᠡᠴᠡ ᠳᠤ ᠰᠢᠯᠭᠠᠭᠤᠯᠤᠨ ᠡᠯᠰᠡᠬᠦᠯᠬᠦ᠂ ᠲᠤᠮᠳᠠ ᠲᠡᠭᠡᠳᠤ ᠵᠡᠷᠬᠡ ᠶᠢᠨ ᠮᠡᠷᠬᠡᠵᠢᠯ ᠤᠨ ᠴᠤᠯᠠ ᠲᠤᠬᠳᠠᠭᠠᠬᠤ ᠵᠢᠴᠢ ᠤᠯᠤᠰ ᠲᠠᠶᠠᠭᠠᠷ ᠤᠨ ᠮᠠᠬᠢᠰᠲ᠋ᠷ ᠡᠯᠰᠡᠬᠦ ᠰᠢᠯᠭᠠᠯᠳᠠ ᠳᠤ ᠤᠷᠤᠯᠴᠠᠬᠤ ᠳᠤ ᠬᠤᠯᠪᠤᠭᠳᠠᠯ ᠪᠦᠬᠦᠢ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠬᠦᠷᠳᠡᠨ᠎ᠠ᠃ 

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121504025