蒙古文网站Logo
ᠰᠢᠨᠬᠤᠸᠠ ᠮᠤᠩᠭ᠋ᠤᠯ ᠨᠧᠲ

ᠥᠪᠦᠷ ᠮᠣᠩᠭ᠋ᠤᠯ ᠤᠨ ᠯᠢᠤ ᠵᠢᠶᠠᠨ ᠫᠢᠩ ᠡᠮᠴᠢ 《 ᠪᠧᠲ᠋ᠢᠶᠦ᠋ᠨ ᠱᠠᠩᠨᠠᠯ 》ᠬᠦᠷᠳᠡᠪᠡ

2017-08-18 14:55

    ᠰᠤᠷᠪᠤᠯᠵᠢᠯᠠᠬᠴᠢ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ ᠠᠷᠠᠳ ᠤᠨ ᠡᠮᠨᠡᠯᠬᠡ ᠡᠴᠡ ᠤᠶᠢᠯᠠᠭᠠᠭᠰᠠᠨ ᠢᠶᠡᠷ᠂ 8 ᠰᠠᠷ᠎ᠠ ᠵᠢᠨ 17  ᠤ ᠦᠳᠠ ᠡᠴᠡ ᠬᠤᠶᠢᠰᠢ ᠬᠤᠷᠠᠯᠳᠤᠭᠰᠠᠨ ᠤᠯᠤᠰ ᠳᠠᠶᠠᠭᠠᠷ ᠤᠨ ᠡᠷᠡᠬᠦᠯ ᠬᠠᠮᠠᠭᠠᠯᠠᠯ ᠲᠦᠯᠦᠪᠯᠡᠭᠡᠳᠦ ᠦᠷᠡᠵᠢᠯ ᠤᠨ ᠰᠢᠰᠲ᠋ᠧᠮ ᠤᠨ ᠱᠠᠩᠨᠠᠨ ᠬᠦᠬᠢᠬᠦᠯᠬᠦ ᠬᠤᠷᠠᠯ ᠢᠶᠡᠷ᠂ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ ᠠᠷᠠᠳ ᠤᠨ ᠡᠮᠨᠡᠯᠬᠡ ᠶᠢᠨ ᠬᠡᠤᠭᠡᠳ ᠤᠨ ᠴᠢᠰᠤᠨ ᠤ ᠲᠠᠰᠤᠭ ᠤᠨ ᠡᠷᠬᠢᠯᠡᠭᠴᠢ ᠯᠢᠤ ᠵᠢᠶᠠᠨ ᠫᠢᠩ ᠤᠯᠤᠰ ᠳᠠᠶᠠᠭᠠᠷ ᠤᠨ 19 ᠨᠡᠷ᠎ᠠ《ᠪᠧᠲ᠋ᠢᠶᠦ᠋ᠨ ᠱᠠᠩᠨᠠᠯ》ᠬᠦᠷᠳᠡᠭᠰᠡᠳ ᠤᠨ ᠨᠢᠬᠡ ᠪᠡᠷ ᠴᠤᠯᠭᠤᠷᠠᠪᠠ᠃ ᠡᠨᠡ ᠪᠤᠯ 《ᠪᠧᠲ᠋ᠢᠶᠦ᠋ᠨ ᠱᠠᠩᠨᠠᠯ》ᠪᠠᠶᠢᠭᠤᠯᠤᠭᠳᠠᠬᠰᠠᠨ ᠡᠴᠡ ᠨᠠᠰᠢ ᠥᠪᠦᠷ ᠮᠣᠩ᠌ᠭᠤᠯ  ᠡᠴᠡ ᠠᠩᠬ᠎ᠠ ᠤᠳᠠᠭ᠎ᠠ ᠱᠠᠡᠭᠨᠠᠯ ᠬᠦᠷᠲᠡᠭᠴᠢ ᠴᠤᠯᠭᠤᠷᠠᠵᠤ ᠪᠠᠶᠢᠭ᠎ᠠ ᠶᠤᠮ᠃

    ᠤᠢᠢᠯᠠᠭᠠᠭᠰᠠᠨ ᠢᠶᠡᠷ᠂ 《ᠪᠧᠲ᠋ᠢᠶᠦ᠋ᠨ ᠱᠠᠩᠨᠠᠯ》1991 ᠤᠨ ᠳᠤ ᠪᠠᠶᠢᠭᠤᠯᠤᠭᠳᠠᠵᠤ᠂ ᠡᠷᠬᠢᠮ ᠳᠡᠭᠡᠳᠦ ᠮᠤᠷᠠᠯ ᠲᠠᠢ᠂ ᠳᠡᠭᠡᠳᠦ ᠳᠡᠰ ᠤᠨ ᠡᠮᠨᠡᠯᠭᠡ ᠵᠢᠨ ᠮᠡᠷᠭᠡᠵᠢᠯ ᠲᠠᠢ ᠪᠦᠬᠡᠳ ᠠᠵᠢᠯ ᠳ᠋ᠠᠭᠠᠨ ᠭᠠᠷᠮᠠᠭᠠᠢ ᠵᠢᠳᠬᠦᠯ ᠦᠵᠡᠬᠦᠯᠦᠭᠰᠡᠨ ᠡᠮᠨᠡᠯᠭᠡ ᠵᠢᠨ ᠠᠵᠢᠯᠳᠠᠨ ᠳᠤ ᠤᠯᠭᠤᠳᠠᠭ᠃ ᠲᠤᠰ ᠱᠠᠩᠨᠠᠯ ᠤᠨ ᠬᠦᠷᠲᠡᠭᠰᠡᠳ ᠢ ᠴᠦᠮ ᠤᠯᠤᠰ ᠳᠠᠶᠠᠭᠠᠷ ᠤᠨ ᠡᠷᠡᠬᠦᠯ ᠬᠠᠮᠠᠭᠠᠯᠠᠯ ᠤᠨ ᠰᠢᠰᠲ᠋ᠧᠮ ᠤᠨ ᠲᠠᠷᠢᠬᠦᠨ ᠤ ᠠᠵᠢᠯᠲᠠᠨ ᠤ ᠳᠤᠮᠳᠠ ᠡᠴᠡ ᠰᠤᠩᠭ᠋ᠤᠨ᠎ᠠ᠃

ᠢᠷᠡᠯᠳᠡ᠄ ᠥᠪᠦᠷ ᠮᠣᠩᠭ᠋ᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121505575