蒙古文网站Logo
ᠰᠢᠨᠬᠤᠸᠠ ᠮᠤᠩᠭ᠋ᠤᠯ ᠨᠧᠲ

ᠤᠷᠠᠨ ᠡᠵᠢ ᠶᠢᠨ ᠭᠠᠷ ᠡᠴᠡ ᠭᠠᠷᠤᠭᠰᠠᠨ ᠤᠴᠢᠷ ᠲᠠᠢ ᠰᠠᠶᠢᠬᠠᠨ ᠪᠡᠯᠡᠭ

2017-08-18 17:03

    ᠰᠢᠨᠬᠤᠧᠠ ᠮᠤᠩᠭᠤᠯ ᠨᠧᠲ   ᠬᠦᠬᠡᠬᠤᠳᠠ ᠶᠢᠨ 8 ᠰᠠᠷ᠎ᠠ ᠶᠢᠨ 18 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ) ᠳᠤᠰ ᠡᠳᠦᠷ᠂ ᠤᠯᠠᠮᠵᠢᠯᠠᠯᠳᠤ ᠭᠠᠷ ᠤᠷᠠᠯᠠᠯ + ᠤᠳᠤᠬᠢ ᠪᠦᠳᠦᠬᠡᠯᠴᠢ ᠬᠦᠭᠵᠢᠬᠦᠯᠦᠯ ᠤᠨ ᠦᠵᠡᠰᠬᠦᠯᠡᠩ ᠤᠨ ᠨᠡᠭᠡᠭᠡᠯᠳᠡ ᠶᠢᠨ ᠦᠶ᠎ᠠ ᠪᠠᠷ ᠳᠡᠯᠬᠡᠭᠳᠡᠭᠰᠡᠨ ᠬᠠᠳᠬᠤᠮᠠᠯ 《ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠭᠠᠵᠠᠷ ᠤᠨ ᠵᠢᠷᠤᠭ》ᠬᠠᠷᠠᠴᠠᠨ ᠳᠤ ᠤᠨᠴᠠᠯᠠᠨ ᠳᠤᠳᠤᠷᠠᠯ᠎ᠠ᠃ ᠤᠴᠢᠷ ᠨᠢ ᠡᠨᠡ ᠡᠩ ᠤᠨ ᠭᠠᠵᠠᠷ ᠤᠨ ᠵᠢᠷᠤᠭ ᠪᠢᠰᠢ᠂ ᠬᠠᠷᠢᠨ ᠤᠭᠤᠷᠠᠭ ᠴᠠᠭᠠᠨ ᠳᠤᠷᠭᠠᠨ ᠳᠡᠬᠡᠷ᠎ᠡ ᠦᠩᠬᠡ ᠶᠢᠨ ᠤᠳᠠᠰᠤ ᠪᠡᠷ ᠦ ᠦᠬᠡᠢ ᠰᠠᠶᠢᠬᠠᠨ ᠬᠠᠳᠬᠤᠭᠰᠠᠨ ᠪᠤᠰᠤᠭ᠎ᠠ ᠮᠤᠩᠭᠤᠯ ᠦᠰᠦᠭ ᠲᠠᠢ ᠭᠠᠵᠠᠷ ᠤᠨ ᠵᠢᠷᠤᠭ ᠪᠠᠶᠢᠪᠠ᠃

    ᠳᠤᠰ ᠭᠠᠵᠠᠷ ᠤᠨ ᠵᠢᠷᠤᠭ ᠢ ᠦᠪᠦᠷ ᠮᠤᠩᠭᠤᠯ ᠤᠨ ᠤᠷᠳᠤᠰ ᠬᠤᠳᠠ ᠶᠢᠨ ᠳᠠᠩᠭᠤᠳ ᠴᠠᠭᠠᠨᠳᠤᠩ ᠤᠷᠠᠯᠠᠨ ᠬᠠᠳᠬᠤᠭᠠᠳ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠳᠤ ᠪᠡᠯᠡᠭ ᠪᠤᠯᠭᠠᠨ ᠪᠠᠷᠢᠵᠠᠢ᠃ 《ᠦᠪᠦᠷ ᠮᠤᠩᠭᠤᠯ ᠮᠢᠨᠢ ᠪᠠᠶᠢᠭᠤᠯᠤᠭᠳᠠᠭᠠᠳ 70 ᠵᠢᠯ ᠪᠤᠯᠤᠯ᠎ᠠ᠂ ᠦᠪᠡᠷ ᠢᠶᠡᠨ ᠶᠠᠭᠤ ᠨᠢᠬᠡ ᠶᠢ ᠬᠢᠵᠤ ᠪᠦᠳᠦᠬᠡᠳᠡᠭ ᠶᠤᠮ ᠪᠢᠯᠡ ᠬᠡᠵᠤ ᠪᠤᠳᠤᠭᠰᠠᠭᠠᠷ ᠤᠷᠤᠰᠢᠨ ᠠᠮᠢᠳᠤᠷᠠᠭ᠎ᠠ ᠨᠤᠳᠤᠭ ᠳᠡᠪᠢᠰᠬᠡᠷ ᠢᠶᠡᠨ ᠦᠨᠳᠦᠰᠦᠳᠡᠨ ᠤ ᠦᠪ ᠰᠤᠶᠤᠯ ᠪᠤᠯᠤᠭᠰᠠᠨ ᠤᠷᠠᠨ ᠬᠠᠤᠬᠤᠮᠠᠯ ᠢᠶᠡᠷ ᠤᠷᠠᠯᠠᠵᠤ ᠪᠦᠳᠦᠬᠡᠨ ᠪᠡᠯᠡᠭ ᠪᠠᠷᠢᠶ᠎ᠠ ᠬᠡᠵᠤ ᠪᠤᠳᠤᠯ᠎ᠠ》 ᠬᠡᠭᠰᠡᠭᠡᠷ ᠳᠡᠷᠡ ᠡᠨᠡᠬᠦ ᠪᠦᠳᠦᠬᠡᠯ ᠢ ᠬᠡᠷᠬᠢᠨ ᠤᠷᠠᠯᠠᠭᠰᠠᠨ ᠳᠤᠬᠠᠢ ᠪᠡᠨ ᠳᠠᠨᠢᠯᠴᠠᠭᠤᠯᠵᠤ ᠭᠠᠷᠤᠯ᠎ᠠ᠃

    2013 ᠤᠨ ᠳᠤ ᠴᠠᠭᠠᠨᠳᠤᠩ ᠤᠷᠳᠤᠰ ᠬᠤᠳᠠ ᠶᠢᠨ ᠳ᠋ᠦᠩᠱᠧᠩ ᠳᠤᠭᠤᠷᠢᠭ ᠤᠨ ᠳᠠᠷᠢᠶᠠᠯᠠᠩ ᠤᠨ ᠬᠦᠭᠵᠢᠯᠳᠡ ᠶᠢᠨ ᠪᠠᠩᠬᠢ ᠡᠴᠡ ᠳᠡᠳᠬᠦᠪᠦᠷᠢ ᠳᠤ ᠭᠠᠷᠴᠤ᠂ ᠦᠢᠯᠡ ᠤᠶᠤᠳᠠᠯ ᠲᠠᠢ ᠤᠷᠤᠯᠳᠤᠵᠤ ᠡᠬᠢᠯᠡᠵᠡᠢ᠃ ᠨᠢᠳᠤᠨᠤᠨ ᠤ 7 ᠰᠠᠷ᠎ᠠ ᠳᠤ᠂ ᠳᠡᠷᠡᠪᠡᠷ ᠡᠨᠡᠬᠦ ᠪᠡᠯᠡᠭ ᠢᠶᠡᠨ ᠡᠬᠢᠯᠡᠨ ᠪᠡᠯᠡᠳᠬᠡᠬᠦ ᠳ᠋ᠡᠬᠡᠨ 194 x 148 ᠰᠡᠨᠲ᠋ᠢᠮᠧᠲ᠋ᠷ ᠤᠨ ᠬᠡᠪᠴᠢᠶ᠎ᠡ ᠲᠠᠢ ᠤᠭᠤᠷᠠᠭ ᠴᠠᠭᠠᠨ ᠳᠤᠷᠭ᠎ᠠ ᠶᠢ ᠰᠤᠩᠭᠤᠵᠤ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 60 ᠵᠢᠯ ᠤᠨ ᠤᠢ ᠶᠢᠨ ᠦᠶ᠎ᠡ ᠶᠢᠨ ᠭᠠᠵᠠᠷ ᠤᠨ ᠵᠢᠷᠤᠭ ᠢ ᠦᠨᠳᠦᠰᠦᠯᠡᠨ ᠦᠢᠯᠡ ᠤᠶᠤᠳᠠᠯ ᠤᠨ ᠵᠦᠬᠡᠯᠡᠨ ᠱᠤᠭᠤᠮ ᠢᠶᠡᠷ ᠠᠯᠳᠠᠯ ᠦᠬᠡᠢ ᠰᠠᠶᠢᠬᠠᠨ ᠬᠡᠮᠵᠢᠵᠤ᠂ ᠬᠠᠷᠠᠨᠳᠠ ᠪᠡᠷ ᠬᠦᠩᠬᠡᠬᠡᠨ ᠳᠡᠮᠳᠡᠭ ᠳᠠᠯᠪᠢᠵᠤ ᠪᠠᠶᠢᠭᠰᠠᠭᠠᠷ 40 ᠭᠠᠷᠤᠢ ᠦᠩᠬᠡ ᠶᠢᠨ ᠤᠳᠠᠰᠤ ᠪᠡᠷ 214 ᠭᠠᠵᠠᠷ ᠤᠷᠤᠨ ᠤ ᠨᠡᠷ᠎ᠡ ᠶᠢ ᠪᠤᠰᠤᠭ᠎ᠠ ᠮᠤᠩᠭᠤᠯ ᠦᠰᠦᠭ ᠢᠶᠡᠷ ᠬᠠᠳᠬᠤᠵᠤ ᠡᠬᠢᠯᠡᠵᠡᠢ᠃ ᠬᠡᠬᠦ ᠳ᠋ᠡᠬᠡᠨ ᠳᠠᠯ᠎ᠠ ᠭᠠᠵᠠᠷ᠂ ᠠᠭᠤᠯᠠ ᠨᠢᠷᠤᠭᠤᠳ᠂ ᠭᠤᠤᠯ ᠮᠦᠷᠡᠨ᠂ ᠵᠠᠮ ᠱᠤᠭᠤᠮ ᠢ ᠤᠨᠴᠠᠯᠢᠭ ᠲᠤ ᠨᠢ ᠳᠤᠬᠢᠷᠠᠭᠰᠠᠨ ᠦᠩᠬᠡ ᠪᠡᠷ ᠤᠷᠠᠯᠠᠨ ᠬᠠᠳᠬᠤᠵᠤ᠂ ᠤᠨᠴᠠᠭᠠᠶᠢᠯᠠᠨ ᠠᠶᠢᠮᠠᠭ ᠬᠤᠳᠠ ᠨᠤᠭᠤᠳ ᠤᠨ ᠵᠠᠭᠠᠭ ᠢ ᠦᠩᠬᠡ ᠳᠠᠪᠬᠤᠷᠳᠠᠭᠤᠯᠤᠯ ᠦᠬᠡᠢ ᠤᠷᠢᠶᠠᠨ ᠬᠠᠳᠬᠤᠭᠰᠠᠨ ᠪᠤᠯ᠂ ᠪᠤᠰᠤᠳ ᠮᠤᠵᠢ ᠬᠤᠳᠠ ᠬᠢᠬᠡᠳ ᠬᠦᠷᠰᠢ ᠵᠡᠷᠬᠡᠯᠡᠳᠡᠬᠡ ᠤᠯᠤᠰ ᠬᠦᠷᠦᠨ ᠤ ᠵᠠᠭᠠᠭ ᠢ ᠴᠦᠮ ᠡᠶ᠎ᠡ ᠨᠠᠶᠢᠷᠠᠮᠳᠠᠯ ᠲᠠᠢ᠂ ᠨᠡᠬᠡᠬᠡᠯᠳᠡ ᠲᠠᠢ ᠪᠠᠶᠢᠬᠤ ᠶᠢ ᠪᠡᠯᠬᠡᠳᠡᠨ ᠨᠤᠭᠤᠭᠠᠨ ᠦᠩᠬᠡ ᠶᠢᠨ ᠤᠳᠠᠰᠤ ᠪᠡᠷ ᠤᠷᠢᠶᠠᠵᠤ ᠬᠠᠳᠬᠤᠵᠠᠢ᠃

    ᠡᠶᠢᠨᠬᠦ ᠳᠤᠰ ᠦᠪᠡᠷᠮᠢᠴᠡ ᠪᠡᠯᠡᠭ ᠡᠨᠡ ᠵᠢᠯ ᠤᠨ 6 ᠰᠠᠷ᠎ᠠ ᠶᠢᠨ ᠰᠡᠬᠦᠯᠴᠢ ᠪᠡᠷ ᠴᠠᠭᠠᠨᠳᠤᠩ ᠤᠨ ᠭᠠᠷ ᠡᠴᠡ ᠭᠠᠷᠴᠤ᠂ ᠤᠳᠤ ᠡᠨᠡᠬᠦ ᠤᠯᠠᠮᠵᠢᠯᠠᠯᠳᠤ ᠭᠠᠷ ᠤᠷᠠᠯᠠᠯ ᠤᠨ ᠦᠵᠡᠰᠬᠦᠯᠡᠩ ᠢᠶᠡᠷ ᠳᠡᠯᠬᠡᠭᠳᠡᠵᠤ ᠪᠠᠶᠢᠨ᠎ᠠ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121506220