蒙古文网站Logo
ᠰᠢᠨᠬᠤᠸᠠ ᠮᠤᠩᠭ᠋ᠤᠯ ᠨᠧᠲ

ᠦᠪᠤᠷ ᠮᠤᠩᠭ᠋ᠤᠯ ᠳᠤ ᠢᠷᠭᠡᠨ ᠤ ᠦᠨᠡᠮᠯᠡᠬᠦ ᠪᠠᠨ ᠠᠦ᠋ᠲ᠋ᠤᠮᠠᠲ ᠢᠶᠡᠷ ᠬᠦᠢᠴᠡᠳᠬᠡᠵᠦ ᠪᠤᠯᠬᠤ ᠪᠤᠯᠪᠠ

2017-08-21 15:39

    ᠤᠶᠢᠢ᠎ᠠ ᠳᠤ᠂ ᠤᠷᠤᠨ ᠲᠠᠶᠠᠭᠠᠷ ᠤᠨ ᠠᠩᠬᠠᠨ ᠤ ᠢᠷᠭᠡᠨ ᠤ ᠦᠨᠡᠮᠯᠡᠬᠦ ᠪᠠᠨ ᠠᠦ᠋ᠲ᠋ᠤᠮᠠᠲ ᠢᠶᠡᠷ ᠬᠦᠢᠴᠡᠳᠬᠡᠬᠦ ᠭᠠᠵᠠᠷ ᠬᠦᠬᠡᠬᠤᠳᠠ ᠳᠤ ᠪᠠᠶᠢᠭᠤᠯᠤᠭᠳᠠᠭᠰᠠᠨ ᠪᠦᠭᠡᠳ ᠠᠯᠪᠠᠨ ᠶᠤᠰᠤ ᠪᠡᠷ ᠠᠰᠢᠭᠯᠠᠯᠳᠠ ᠳᠤ ᠤᠷᠤᠯ᠎ᠠ᠃ ᠡᠨᠡ ᠨᠢ ᠢᠷᠭᠡᠳ ᠤᠨ ᠵᠢᠷᠤᠭ ᠠᠪᠬᠠᠭᠤᠯᠬᠤ᠂ ᠡᠷᠡᠮᠡᠯᠵᠡᠯᠡᠬᠦ᠂ ᠦᠨᠡᠮᠯᠡᠬᠦ ᠪᠡᠨ ᠭᠠᠷᠳᠠᠬᠤ ᠪᠦᠬᠦ ᠶᠠᠪᠤᠴᠠ ᠶᠢ ᠨᠢᠬᠡ ᠴᠤᠭᠴᠠᠵᠢᠭᠤᠯᠤᠨ ᠠᠦ᠋ᠲ᠋ᠤᠮᠠᠲ ᠢᠶᠡᠷ ᠬᠦᠴᠡᠳᠬᠡᠬᠦ ᠶᠢ ᠪᠡᠶᠡᠯᠡᠬᠦᠯᠵᠡᠢ᠃

    ᠬᠦᠬᠡᠬᠤᠳᠠ ᠶᠢᠨ ᠵᠠᠰᠠᠬ ᠤᠨ ᠦᠢᠯᠡᠴᠢᠯᠡᠬᠡᠨ ᠤᠨ ᠲᠦᠪ ᠤᠨ ᠨᠢᠬᠡᠳᠤᠬᠡᠷ ᠲᠠᠪᠬᠤᠷᠭ᠎ᠠ ᠶᠢᠨ ᠲᠢᠩᠬᠢᠮ ᠤᠨ ᠠᠦ᠋ᠲ᠋ᠤᠮᠠᠲ ᠢᠶᠡᠷ ᠢᠷᠬᠡᠨ ᠤ ᠦᠨᠡᠮᠯᠡᠬᠦ ᠪᠡᠨ ᠬᠦᠢᠴᠡᠳᠬᠡᠬᠦ ᠭᠠᠵᠠᠷ ᠲᠤ ᠠᠦ᠋ᠲ᠋ᠤᠮᠠᠲ ᠢᠶᠡᠷ ᠵᠢᠷᠤᠭ ᠠᠪᠬᠤ᠂ ᠠᠦ᠋ᠲ᠋ᠤᠮᠠᠲ ᠢᠶᠡᠷ ᠡᠷᠡᠮᠡᠯᠵᠡᠯᠡᠬᠦ ᠮᠠᠰᠢᠨ᠂ ᠠᠦ᠋ᠲ᠋ᠤᠮᠠᠲ ᠢᠶᠡᠷ ᠦᠨᠡᠮᠯᠡᠬᠦ ᠪᠡᠨ ᠭᠠᠷᠳᠠᠬᠤ ᠵᠡᠷᠬᠡ ᠭᠤᠷᠪᠠᠨ ᠲᠤᠮᠤ ᠲᠦᠭᠦᠭᠡᠷᠦᠮᠵᠢ ᠵᠢᠴᠢ ᠰᠢᠰᠲ᠋ᠧᠮ ᠤᠨ ᠪᠦᠷᠢᠯᠳᠤᠯ ᠲᠠᠢ᠃ ᠬᠠᠮᠢᠶ᠎ᠠ ᠪᠦᠬᠦᠢ ᠬᠠᠷᠢᠭᠤᠴᠠᠯᠭᠠᠳᠠᠨ ᠤ ᠲᠠᠨᠢᠯᠴᠠᠭᠤᠯᠤᠭᠰᠠᠨ ᠢᠶᠡᠷ᠂ ᠠᠦ᠋ᠲ᠋ᠤᠮᠠᠲ ᠰᠢᠰᠲ᠋ᠧᠮ ᠤᠨ ᠪᠦᠬᠦ ᠶᠠᠪᠤᠴᠠ ᠳᠤ ᠠᠪᠢᠶ᠎ᠠ ᠪᠡᠷ ᠰᠠᠨᠠᠭᠤᠯᠬᠤ᠂ ᠬᠦᠢᠴᠡᠳᠬᠡᠬᠦ ᠨᠢᠭᠤᠷ ᠨᠢ ᠲᠦᠬᠦᠮ᠂ ᠠᠶᠤᠯᠬᠦᠢ᠂ ᠤᠬᠠᠭᠠᠯᠢᠭ ᠵᠡᠷᠬᠡ ᠲᠠᠪᠠᠭᠤᠯᠢᠭ ᠲᠠᠢ᠂ ᠭᠤᠷᠪᠠᠬᠠᠨ ᠮᠢᠨᠦ᠋ᠲ ᠲᠦ ᠬᠦᠢᠴᠡᠳᠬᠡᠴᠢᠭᠡᠨ᠎ᠠ ᠃ 

    ᠤᠶᠢᠯᠠᠭᠠᠭᠰᠠᠨ ᠢᠶᠡᠷ᠂ ᠦᠪᠦᠷ ᠮᠤᠩᠭ᠋ᠤᠯ ᠤᠨ ᠡᠷᠦᠬᠡ ᠠᠮᠠ ᠶᠢᠨ ᠲᠠᠩᠰᠠ ᠲᠠᠢ ᠢᠷᠭᠡᠨ ᠤ ᠦᠨᠡᠮᠯᠡᠬᠦ ᠨᠢ ᠬᠤᠭᠤᠴᠠᠭ᠎ᠠ ᠨᠢ ᠲᠠᠭᠤᠰᠤᠭᠰᠠᠨ᠂ ᠦᠨᠡᠮᠯᠡᠬᠦ ᠪᠡᠨ ᠭᠡᠭᠡᠵᠤ ᠲᠠᠬᠢᠨ ᠬᠦᠢᠴᠡᠳᠬᠡᠬᠦ᠂ ᠡᠪᠳᠡᠷᠡᠵᠤ ᠰᠦᠢᠳᠦᠭᠰᠡᠨ ᠢ ᠪᠡᠨ ᠨᠦᠬᠦᠬᠦ ᠵᠡᠷᠬᠡ ᠪᠠᠶᠢᠳᠠᠯ ᠳᠤ ᠴᠦᠮ ᠠᠦ᠋ᠲ᠋ᠤᠮᠠᠲ ᠢᠶᠡᠷ ᠬᠦᠢᠴᠡᠳᠬᠡᠵᠤ ᠪᠤᠯᠤᠨ᠎ᠠ (ᠬᠦᠬᠡᠬᠤᠳᠠ ᠡᠴᠡ ᠪᠤᠰᠤᠳ ᠠᠶᠢᠮᠠᠭ ᠬᠤᠳᠠ ᠶᠢᠨ ᠡᠷᠦᠬᠡ ᠠᠮᠠ  ᠶᠢᠨ ᠲᠠᠩᠰᠠ ᠲᠠᠢ ᠢᠷᠭᠡᠳ ᠤᠷᠢᠳᠠᠪᠠᠷ ᠬᠦᠬᠡᠬᠤᠳᠠ ᠶᠢᠨ ᠴᠠᠭᠳᠠᠭ᠎ᠠ ᠶᠢᠨ ᠭᠠᠵᠠᠷ ᠲᠦᠷ ᠰᠠᠭᠤᠷᠢᠰᠢᠬᠤ ᠰᠤᠷᠠᠭ ᠵᠠᠩᠬᠢ ᠪᠠᠨ ᠪᠦᠷᠢᠳᠬᠡᠬᠦᠯᠦᠭᠰᠡᠨ ᠤ ᠲᠠᠷᠠᠭ᠎ᠠ ᠬᠦᠢᠴᠡᠳᠬᠡᠨ᠎ᠠ)᠃

    ᠲᠦᠯᠦᠪᠦᠷᠢ ᠲᠤᠰᠢᠶᠠᠬᠤ ᠪᠠᠷᠢᠮᠵᠢᠶ᠎ᠠ᠄ ᠬᠤᠭᠤᠴᠠᠭ᠎ᠠ ᠲᠠᠭᠤᠰᠴᠤ ᠦᠨᠡᠮᠯᠡᠬᠦ ᠪᠠᠨ ᠰᠤᠯᠢᠬᠤ ᠳᠤ 20 ᠲᠦᠬᠦᠷᠢᠭ᠌᠂ ᠬᠡᠬᠡᠭ᠍ᠰᠡᠨ ᠪᠤᠶᠤ ᠡᠪᠳᠡᠷᠡᠵᠤ ᠰᠦᠢᠳᠦᠭᠰᠡᠨ ᠢ ᠲᠠᠬᠢᠨ ᠬᠦᠢᠴᠡᠳᠬᠡᠬᠦ ᠳᠤ 40 ᠲᠦᠭᠦᠷᠢᠭ᠌᠌ ᠂ ᠪᠡᠯᠡᠨ ᠮᠦᠩᠬᠦ ᠪᠡᠷ ᠲᠤᠭᠠᠴᠠᠭ᠎ᠠ ᠬᠢᠨ᠎ᠡ᠃ 30-40 ᠡᠳᠤᠷ ᠤᠨ ᠬᠦᠢᠴᠡᠳᠬᠡᠬᠦ ᠬᠤᠭᠤᠴᠠᠭ᠎ᠠ ᠲᠠᠢ᠃

    ᠡᠬᠦᠨ ᠡᠴᠡ ᠭᠠᠳᠠᠨ᠎ᠠ᠂ ᠢᠷᠭᠡᠨ ᠤ ᠦᠨᠡᠮᠯᠡᠬᠦ ᠠᠩᠬ᠎ᠠ ᠬᠦᠢᠴᠡᠳᠬᠡᠵᠤ ᠪᠠᠶᠢᠭ᠎ᠠ ᠪᠤᠶᠤ ᠡᠷᠦᠬᠡ ᠠᠮᠠ ᠶᠢᠨ ᠲᠠᠩᠰᠠ ᠨᠢ ᠦᠪᠦᠷ ᠮᠤᠩᠭ᠋ᠤᠯ ᠳᠤ ᠦᠭᠡᠢ ᠬᠦᠮᠦᠰ ᠠᠦ᠋ᠲ᠋ᠤᠮᠠᠲ ᠢᠶᠡᠷ ᠬᠦᠢᠴᠡᠳᠬᠡᠵᠤ ᠲᠡᠶᠢᠯᠬᠦ ᠦᠭᠡᠢ᠃

ᠢᠷᠡᠯᠳᠡ᠄ ᠦᠪᠤᠷ ᠮᠤᠩᠭ᠋ᠤᠯ ᠤᠨ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121517206