蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ 11 ᠬᠤᠲᠠ ᠨᠢ ᠤᠷᠤᠨ ᠰᠢᠶᠠᠨ ᠤ ᠵᠡᠷᠭᠡᠯᠡᠯ ᠤᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭᠠᠨ ᠤ 100 ᠬᠦᠴᠦᠷᠭᠡᠭ᠌ ᠲᠤ ᠵᠢᠬᠰᠠᠭᠠᠭᠳᠠᠪᠠ

2017-08-23 11:11

    ᠲᠦᠷᠦᠭᠦᠬᠡᠨ᠂《 ᠳᠤᠮᠳᠠᠳᠤ ᠤᠯᠤᠰ ᠤᠨ ᠬᠤᠲᠠ ᠶᠢᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭᠠᠨ ᠤ ᠮᠡᠳᠡᠬᠦᠯᠦᠯᠳᠡ 2016》 ᠶ᠋ᠢ ᠨᠡᠶᠢᠲᠡᠯᠡᠪᠠ᠃ ᠤᠯᠤᠰ ᠳᠠᠶᠠᠭᠠᠷ ᠤᠨ 655 ᠬᠤᠲᠠ ᠡᠴᠡ ᠴᠢᠨᠡᠭᠡᠯᠢᠭ᠌ ᠨᠡᠶᠢᠭᠡᠮ ᠢ ᠪᠦᠬᠦ ᠲᠠᠯ᠎ᠠ ᠪᠡᠷ ᠪᠦᠲᠦᠭᠡᠨ ᠪᠠᠶᠢᠭᠤᠯᠬᠤ ᠡᠳ᠋ ᠤᠨ ᠵᠠᠰᠠᠭ ᠤᠨ ᠬᠦᠭ᠍ᠵᠢᠯᠲᠠ ᠶᠢᠨ ᠬᠠᠷᠠᠯᠲᠠ ᠳᠤ ᠬᠦᠷᠦᠭᠰᠡᠨ ᠬᠤᠲᠠ 164 ᠪᠤᠢ᠂ ᠦᠪᠦᠷ ᠮᠣᠩᠭᠣᠯ ᠤᠨ 11 ᠬᠤᠲᠠ ᠵᠢᠬᠰᠠᠭᠠᠯᠲᠠ ᠳᠤ ᠤᠷᠤᠪᠠ᠃ ᠡᠭᠦᠨ ᠳᠤ᠂ ᠤᠷᠳᠤᠰ ᠬᠤᠲᠠ ᠪᠤᠯᠤᠨ ᠬᠤᠤᠯᠢᠨ ᠭᠤᠤᠯ ᠬᠤᠲᠠ ᠲᠤᠰ ᠪᠦᠷᠢ ᠳᠤᠮᠳᠠᠳᠤ ᠤᠯᠤᠰ ᠤᠨ ᠤᠷᠤᠨ ᠤ ᠵᠡᠷᠭᠡᠯᠡᠯ ᠪᠠ ᠰᠢᠶᠠᠨ ᠤ ᠵᠡᠷᠭᠡᠯᠡᠯ ᠤᠨ ᠬᠤᠲᠠ ᠶᠢᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭᠠᠨ ᠤ ᠵᠢᠬᠰᠠᠭᠠᠯᠲᠠ ᠳᠤ ᠡᠮᠦᠨᠡᠭᠦᠷ ᠪᠠᠶᠢᠷᠢᠯᠡᠵᠤ ᠪᠤᠢ᠃

    《 ᠮᠡᠳᠡᠭᠦᠯᠦᠯᠳᠡ 》  ᠳᠤ ᠪᠠᠰᠠ 655 ᠬᠤᠲᠠ ᠶᠢᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭ᠎ᠠ ᠶᠢ ᠨᠡᠶᠢᠲᠡᠯᠡᠵᠠᠢ᠃ ᠤᠯᠤᠰ  ᠳᠠᠶᠠᠭᠠᠷ ᠤᠨ 655 ᠬᠤᠲᠠ ᠶᠢᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭᠠᠨ ᠤ ᠳᠤᠮᠳᠠᠴᠢ ᠬᠡᠮᠵᠢᠭᠳᠡᠯ ᠨᠢ 89.09᠂ 4.88ᠪᠡᠷ ᠲᠡᠭᠰᠢᠯᠡᠵᠦ 5.80% ᠢᠶᠡᠷ ᠨᠡᠮᠡᠭᠳᠡᠪᠡ᠃ ᠤᠯᠤᠰ ᠳᠠᠶᠠᠭᠠᠷ ᠤᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭ᠎ᠠ ᠡᠴᠡ 2.81 ᠪᠡᠷ ᠦᠨᠳᠦᠷ ᠪᠠᠶᠢᠯ᠎ᠠ᠃

    ᠳᠤᠮᠳᠠᠳᠤ ᠤᠯᠤᠰ ᠤᠨ ᠡᠯ᠎ᠠ ᠮᠤᠵᠢ ᠤᠷᠤᠨ ᠬᠤᠲᠠ ᠶᠢᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭᠠᠨ ᠳᠤ᠂ ᠦᠪᠦᠷ ᠮᠣᠩᠭᠣᠯ ᠶᠢᠰᠦᠳᠦᠭᠡᠷ ᠲᠤ ᠪᠠᠶᠢᠷᠢᠯᠠᠵᠠᠢ᠃ ᠳᠤᠮᠳᠠᠳᠤ ᠤᠯᠤᠰ ᠤᠨ ᠤᠷᠤᠨ ᠤ ᠵᠡᠷᠭᠡᠯᠡᠯ ᠤᠨ ᠬᠤᠲᠠ ᠶᠢᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭᠠᠨ ᠳᠤ ᠦᠪᠦᠷ ᠮᠣᠩᠭᠣᠯ ᠤᠨ ᠤᠷᠳᠤᠰ ᠬᠤᠲᠠ ᠲᠡᠷᠢᠭᠦᠨ ᠳᠤ ᠪᠠᠶᠢᠷᠢᠯᠠᠵᠤ᠂ ᠪᠤᠭᠤᠲᠤ᠂ ᠬᠦᠬᠡᠬᠤᠲᠠ᠂ ᠦᠬᠠᠢ᠂ ᠬᠦᠯᠦᠨ ᠪᠤᠶᠢᠷ ᠪᠤᠯᠤᠨ ᠪᠠᠶᠠᠨᠨᠠᠭᠤᠷ ᠲᠡᠭᠦᠨ ᠤ ᠲᠠᠷᠠᠭ᠎ᠠ ᠵᠢᠬᠰᠠᠵᠠᠢ᠃ ᠳᠤᠮᠳᠠᠳᠤ ᠤᠯᠤᠰ ᠤᠨ ᠰᠢᠶᠠᠨ ᠤ ᠵᠡᠷᠭᠡᠯᠡᠯ ᠤᠨ ᠬᠤᠲᠠ ᠶᠢᠨ ᠴᠢᠨᠡᠭᠡᠯᠢᠭ᠌ ᠡᠳ᠋ ᠤᠨ ᠵᠠᠰᠠᠭ ᠤᠨ ᠵᠢᠭᠠᠯᠲᠠ ᠲᠤᠭᠠᠨ ᠳᠤ ᠦᠪᠦᠷ ᠮᠣᠩᠭᠣᠯ ᠤᠨ ᠬᠤᠤᠯᠢᠨ ᠭᠤᠤᠯ ᠬᠤᠲᠠ ᠲᠡᠷᠢᠭᠦᠨ ᠳᠤ ᠪᠠᠶᠢᠷᠢᠯᠠᠵᠤ᠂ ᠡᠷᠢᠶᠡᠨ ᠬᠤᠲᠠ᠂ ᠰᠢᠯᠢᠡᠭᠬᠤᠳᠠ ᠂ ᠡᠷᠭᠦᠨ᠎ᠠ᠂ ᠮᠠᠨᠵᠤᠤᠷ ᠵᠡᠷᠭᠡ ᠬᠤᠲᠠ ᠪᠦᠷᠢᠳᠭᠡᠭ᠍ᠳᠡᠪᠡ᠃

ᠢᠷᠡᠯᠳᠡ᠄ ᠦᠪᠦᠷ ᠮᠣᠩᠭᠣᠯ ᠤᠨ ᠰᠤᠨᠢᠨ ᠮᠡᠳᠭᠡᠨ ᠤ ᠨᠸᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121528688