蒙古文网站Logo
ᠰᠢᠨᠬᠤᠸᠠ ᠮᠤᠩᠭ᠋ᠤᠯ ᠨᠧᠲ

ᠰᠠᠶᠢᠷᠠᠮ ᠨᠠᠭᠤᠷ ᠤᠨ ᠬᠦᠪᠡᠬᠡᠨ ᠳ᠋ᠡᠬᠢ ᠠᠮᠢ ᠠᠬᠤᠢ ᠶᠢᠨ ᠰᠠᠬᠢᠨ ᠬᠠᠮᠠᠭᠠᠯᠠᠭᠴᠢ

2017-08-26 21:36

    ᠰᠢᠨᠬᠤᠧᠠ ᠬᠤᠷᠢᠶ᠎ᠠ   ᠦᠷᠦᠮᠴᠢ ᠶᠢᠨ 8 ᠰᠠᠷ᠎ᠠ ᠶᠢᠨ 25 ᠤ ᠡᠳᠦᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠸᠠᠩ ᠪᠢᠩ ᠶᠠᠩ᠂ ᠮᠠ ᠵᠦᠧᠧ ᠶᠠᠨ᠂ ᠬᠦ᠋ ᠢᠤᠢ) ᠨᠠᠮᠤᠷ ᠤᠨ ᠠᠭᠤᠷ ᠤᠷᠤᠮᠠᠭᠴᠠ ᠰᠠᠶᠢᠷᠠᠮ ᠨᠠᠭᠤᠷ ᠤᠨ ᠬᠦᠪᠡᠬᠡᠨ ᠡᠴᠡ ᠦᠶ᠎᠎ᠠ ᠦᠶ᠎ᠡ ᠰᠡᠷᠢᠬᠦᠨ ᠰᠠᠯᠬᠢ ᠰᠡᠪᠡᠯᠵᠡᠬᠦ ᠪᠤᠯᠵᠠᠢ᠃ ᠦᠷᠯᠦᠬᠡ ᠶᠢᠨ 7᠄30 ᠴᠠᠭ ᠲᠤ ᠨᠠᠷᠠᠨ ᠤ ᠳᠤᠶᠠᠭ᠎ᠠ ᠨᠠᠭᠤᠷ ᠤᠨ ᠳᠡᠬᠡᠷ᠎ᠡ ᠬᠢᠯᠳᠤᠭᠠᠨᠠᠨ ᠳᠤᠰᠬᠤ ᠪᠡᠷ ᠦᠵᠡᠮᠦᠷᠢ ᠶᠢᠨ ᠪᠦᠰᠡ ᠶᠢᠨ ᠤᠷᠴᠢᠨ ᠠᠬᠤᠢ ᠶᠢᠨ ᠠᠵᠢᠯᠳᠠᠨ ᠪᠠᠶᠠ ᠬᠡᠷᠬᠡᠢ ᠲᠠᠢ ᠪᠡᠨ ᠨᠢᠬᠡ ᠡᠳᠦᠷ ᠤᠨ ᠠᠵᠢᠯ ᠢᠶᠡᠨ ᠡᠬᠢᠯᠡᠬᠦᠯᠦᠯ᠎ᠡ᠃ ᠵᠢᠭᠤᠯᠴᠢᠳ ᠢᠷᠡᠬᠦ ᠡᠴᠡ ᠡᠮᠦᠨ᠎ᠡ ᠳᠡᠳᠡ ᠬᠠᠷᠢᠭᠤᠴᠠᠭᠰᠠᠨ ᠪᠦᠰᠡ ᠶᠢᠨ ᠢᠶᠡᠨ ᠠᠷᠢᠭᠤᠨ ᠴᠡᠪᠡᠷ ᠢ ᠪᠠᠳᠤᠯᠠᠬᠤ ᠬᠡᠷᠡᠭᠳᠡᠢ ᠠᠵᠢ᠃

    250 ᠭᠠᠷᠤᠢ ᠵᠢᠯ ᠤᠨ ᠡᠮᠦᠨ᠎ᠡ᠂ ᠮᠤᠩᠭᠤᠯ ᠤᠨ ᠴᠠᠬᠠᠷ ᠠᠶᠢᠮᠠᠭ ᠪᠠᠷᠠᠭᠤᠨᠰᠢ ᠨᠡᠬᠦᠳᠡᠯᠯᠡᠨ ᠰᠢᠨᠵᠢᠶᠠᠩ ᠬᠦᠷᠴᠤ ᠦᠩ ᠰᠢᠮᠡᠯᠢᠭ ᠳᠠᠯ᠎ᠠ ᠨᠤᠳᠤᠭ ᠲᠤ ᠪᠠᠭᠤᠳᠠᠯᠯᠠᠨ ᠡᠬᠡ ᠤᠷᠤᠨ ᠤ ᠪᠡᠨ ᠪᠠᠷᠠᠭᠤᠨ ᠬᠢᠵᠠᠭᠠᠷ ᠢ ᠰᠠᠬᠢᠵᠤ ᠰᠠᠭᠤᠵᠠᠢ᠃ ᠦᠨᠦᠳᠦᠷ ᠳᠡᠳᠡᠨᠡᠷ ᠤᠨ ᠬᠤᠶᠢᠴᠢᠰ ᠪᠤᠯᠤᠭᠰᠠᠨ ᠪᠠᠶᠠ ᠡᠨᠡᠬᠦ ᠰᠠᠶᠢᠷᠠᠮ ᠨᠠᠭᠤᠷ ᠤᠨ ᠠᠮᠢ ᠠᠬᠤᠢ ᠶᠢᠨ ᠮᠠᠨᠠᠭᠠᠴᠢᠨ ᠪᠤᠯᠵᠤ ᠶᠠᠪᠤᠨ᠎ᠠ᠃

    2012 ᠤᠨ ᠡᠴᠡ ᠡᠬᠢᠯᠡᠨ᠂ ᠪᠠᠶᠠ ᠶᠢᠨ ᠬᠢᠨ ᠡᠨᠡ ᠰᠠᠶᠢᠷᠠᠮ ᠨᠠᠭᠤᠷ ᠤᠨ ᠬᠦᠪᠡᠬᠡᠨ ᠳᠤ ᠢᠷᠡᠵᠤ᠂ ᠡᠳᠦᠷ ᠰᠠᠷ᠎ᠠ ᠶᠢ ᠤᠯᠠᠷᠢᠭᠤᠯᠤᠨ ᠰᠠᠬᠢᠵᠤ ᠰᠠᠭᠤᠭᠰᠠᠨ ᠶᠤᠮ᠃ ᠰᠠᠶᠢᠷᠠᠮ ᠨᠠᠭᠤᠷ ᠨᠢ ᠰᠢᠨᠵᠢᠶᠠᠩ ᠤᠨ ᠬᠠᠮᠤᠭ ᠤᠨ ᠳᠤᠮᠤ ᠦᠨᠳᠦᠷ ᠠᠭᠤᠯᠠᠨ ᠤ ᠨᠠᠭᠤᠷ ᠴᠦᠬᠦᠷᠦᠮ ᠪᠠᠶᠢᠵᠤ᠂ ᠳᠡᠭᠷᠢ ᠠᠭᠤᠯᠠ ᠨᠢᠷᠤᠭᠤᠳ ᠤᠨ ᠳᠤᠮᠳᠠᠬᠢ ᠨᠤᠮᠤᠬᠠᠨ ᠳᠠᠯᠠᠢ ᠶᠢᠨ ᠪᠦᠯᠢᠶᠡᠨ ᠴᠢᠬᠢᠭᠯᠢᠭ ᠤᠷᠤᠰᠬᠠᠯ ᠤᠨ ᠬᠠᠮᠤᠭ ᠤᠨ ᠰᠡᠬᠦᠯᠴᠢ ᠶᠢᠨ ᠵᠤᠭᠰᠤᠭᠠᠯ ᠪᠤᠯᠬᠤ ᠶᠤᠮ᠃ ᠳᠡᠯᠠᠢ ᠶᠢᠨ ᠳᠦᠪᠰᠢᠨ ᠡᠴᠡ 2000 ᠭᠠᠷᠤᠢ ᠮᠧᠲ᠋ᠷ ᠡᠷᠬᠦᠭᠳᠡᠵᠤ᠂ 450 ᠭᠠᠷᠤᠢ ᠺᠦᠧᠠᠳ᠋ ᠺᠢᠯᠤᠮᠧᠲ᠋ᠷ ᠳᠠᠯᠠᠪᠠᠢ ᠲᠠᠢ᠃

    2012 ᠤᠨ ᠳᠤ ᠰᠠᠶᠢᠷᠠᠮ ᠨᠠᠭᠤᠷ ᠤᠯᠤᠰ ᠲᠠᠶᠠᠭᠠᠷ ᠤᠨ ᠨᠠᠭᠤᠷ ᠴᠦᠬᠦᠷᠦᠮ ᠤᠨ ᠠᠮᠢ ᠠᠬᠤᠢ ᠶᠢᠨ ᠤᠷᠴᠢᠨ ᠤ ᠬᠠᠮᠠᠭᠠᠯᠠᠯᠳᠠ ᠶᠢᠨ 15 ᠴᠢᠬᠤᠯᠠ ᠨᠠᠭᠤᠷ ᠲᠤ ᠬᠠᠮᠤᠷᠤᠭᠳᠠᠭᠰᠠᠨ ᠢᠶᠡᠷ᠂ ᠳᠦᠷᠦ ᠵᠠᠰᠠᠭ ᠡᠴᠡ 7.23 ᠳ᠋ᠦᠩᠰᠢᠭᠤᠷ ᠳᠦᠬᠦᠷᠢᠭ ᠤᠨ ᠬᠦᠷᠦᠩᠬᠡ ᠤᠷᠤᠭᠤᠯᠵᠤ 12 ᠬᠠᠮᠢᠶᠠᠷᠤᠯᠳᠠ ᠶᠢᠨ ᠦᠷᠳᠡᠬᠡ ᠪᠠᠶᠢᠭᠤᠯᠤᠨ ᠳᠦᠷᠢᠮ ᠢ ᠵᠦᠷᠢᠴᠡᠭᠰᠡᠨ ᠪᠠᠷᠢᠯᠭ᠎ᠠ ᠪᠠᠶᠢᠭᠤᠯᠤᠮᠵᠢ᠂ ᠡᠪᠡᠰᠦ ᠪᠡᠯᠴᠢᠬᠡᠷ ᠢ ᠳᠠᠷᠤᠬᠤ᠂ ᠬᠤᠧᠠᠷ ᠴᠡᠴᠡᠭ ᠢ ᠳᠡᠬᠦᠬᠦ᠂ ᠠᠳᠤᠭᠤ ᠮᠠᠯ ᠪᠡᠯᠴᠢᠬᠡᠷᠯᠡᠬᠦᠯᠬᠦ ᠵᠡᠷᠬᠡ ᠠᠵᠢᠯᠯᠠᠭ᠎ᠠ ᠳᠤ ᠬᠢᠨᠠᠨ ᠬᠠᠮᠢᠶᠠᠷᠤᠯᠳᠠ ᠶᠠᠪᠤᠭᠤᠯᠵᠤ ᠡᠬᠢᠯᠡᠭᠰᠡᠨ ᠪᠠᠶᠢᠨ᠎ᠠ᠃

    2013 ᠤᠨ ᠡᠴᠡ ᠡᠬᠢᠯᠡᠨ ᠳᠤᠰ ᠨᠠᠭᠤᠷ ᠤᠨ ᠭᠤᠤᠯ ᠬᠡᠰᠡᠭ ᠤᠨ ᠦᠵᠡᠮᠦᠷᠢ ᠶᠢᠨ ᠪᠦᠰᠡ ᠳᠡᠬᠢ 16.45 ᠳᠦᠮᠡᠨ ᠮᠦ ᠨᠤᠳᠤᠭ ᠳᠡᠪᠢᠰᠬᠡᠷ ᠳᠡᠬᠡᠷ᠎ᠡ ᠪᠡᠯᠴᠢᠬᠡᠷᠯᠡᠬᠦᠯᠬᠦ ᠶᠢ ᠬᠤᠷᠢᠭᠯᠠᠨ 600 ᠮᠠᠯᠴᠢᠨ ᠡᠷᠦᠬᠡ ᠬᠢᠬᠡᠳ 12 ᠳᠦᠮᠡᠨ ᠮᠠᠯ ᠢ ᠨᠡᠬᠦᠯᠬᠡᠨ ᠳᠦᠪᠬᠢᠨᠡᠬᠦᠯᠪᠡ᠃ ᠪᠤᠷᠤᠳᠠᠯ᠎ᠠ ᠮᠤᠩᠭᠤᠯ ᠦᠪᠡᠷᠳᠡᠬᠡᠨ ᠵᠠᠰᠠᠬᠤ ᠵᠧᠤ ᠶᠢᠨ ᠪᠠᠶᠢᠭᠠᠯᠢ ᠤᠷᠴᠢᠨ ᠤ ᠬᠠᠮᠠᠭᠠᠯᠠᠯᠳᠠ ᠶᠢᠨ ᠳᠤᠪᠴᠢᠶ᠎ᠠ ᠶᠢᠨ ᠬᠢᠨ ᠤ ᠳᠠᠨᠢᠯᠴᠠᠭᠤᠯᠤᠭᠰᠠᠨ ᠢᠶᠡᠷ᠂ ᠡᠨᠡ ᠵᠢᠯ ᠰᠠᠶᠢᠷᠠᠮ ᠨᠠᠭᠤᠷ ᠤᠨ ᠦᠵᠡᠮᠦᠷᠢ ᠶᠢᠨ ᠪᠦᠰᠡ ᠳᠡᠬᠢ ᠪᠡᠯᠴᠢᠬᠡᠷᠯᠡᠬᠦᠯᠬᠦ ᠶᠢ ᠬᠤᠷᠢᠭᠯᠠᠬᠤ ᠨᠤᠳᠤᠭ ᠳᠡᠪᠢᠰᠬᠡᠷ ᠢ ᠦᠷᠬᠡᠳᠬᠡᠬᠡᠳ 19.05 ᠳᠦᠮᠡᠨ ᠮᠦ ᠪᠤᠯᠭᠠᠬᠤ ᠪᠡᠷ ᠳᠦᠯᠦᠪᠯᠡᠵᠤ ᠪᠠᠶᠢᠨ᠎ᠠ᠃

    ᠰᠠᠶᠢᠷᠠᠮ ᠨᠠᠭᠤᠷ ᠤᠨ ᠬᠦᠪᠡᠬᠡᠨ ᠳᠤ ᠪᠠᠶᠠ ᠶᠢᠨ ᠬᠢᠨ ᠰᠢᠬ ᠤᠷᠴᠢᠨ ᠠᠬᠤᠢ ᠶᠢᠨ ᠬᠠᠮᠠᠭᠠᠯᠠᠯᠳᠠ ᠶᠢᠨ ᠠᠵᠢᠯᠳᠠᠨ 19 ᠪᠤᠢ᠃ ᠳᠡᠳᠡᠨᠡᠷ ᠡᠨᠡ ᠨᠠᠭᠤᠷ ᠤᠨ ᠠᠮᠢ ᠠᠬᠤᠢ ᠶᠢᠨ ᠮᠠᠨᠠᠭᠠᠴᠢᠨ ᠪᠤᠯᠵᠤ᠂ 《ᠨᠤᠮᠤᠬᠠᠨ ᠳᠠᠯᠠᠢ ᠶᠢᠨ ᠬᠠᠮᠤᠭ ᠤᠨ ᠰᠡᠬᠦᠯᠴᠢ ᠶᠢᠨ ᠨᠢᠬᠡᠨ ᠳᠤᠰᠤᠯ ᠨᠢᠯᠪᠤᠰᠤ》ᠬᠡᠮᠡᠭᠳᠡᠭᠰᠡᠨ ᠰᠠᠶᠢᠷᠠᠮ ᠨᠠᠭᠤᠷ ᠤᠨ ᠨᠤᠮᠢᠨ ᠴᠡᠩᠬᠡᠷ ᠬᠢᠬᠡᠳ ᠴᠡᠪᠡᠷ ᠳᠤᠩᠭᠠᠯᠠᠭ ᠢ ᠪᠠᠳᠤᠯᠠᠨ ᠰᠠᠬᠢᠵᠤ ᠪᠠᠶᠢᠳᠠᠭ ᠰᠠᠨ᠃

    ᠨᠡᠶᠢᠳᠡ ᠶᠢᠨ ᠤᠨ ᠳᠤᠭᠠᠯᠠᠯ ᠤᠨ 1219 ᠤᠨ ᠳᠤ᠂ ᠴᠢᠩᠬᠢᠰ ᠬᠠᠭᠠᠨ ᠦᠪᠡᠷ ᠤᠨ ᠪᠡᠶ᠎ᠡ ᠪᠡᠷ ᠴᠡᠷᠢᠭ᠌ ᠳᠠᠭᠠᠭᠤᠯᠤᠨ ᠪᠠᠷᠠᠭᠤᠨᠰᠢ ᠳᠠᠶᠢᠯᠬᠤ ᠳ᠋ᠠᠭᠠᠨ ᠠᠯᠳᠠᠢ ᠠᠭᠤᠯᠠ ᠶᠢ ᠳᠠᠪᠠᠨ ᠰᠠᠶᠢᠷᠠᠮ ᠨᠠᠭᠤᠷ ᠲᠤ ᠬᠦᠷᠴᠤ ᠠᠭᠳᠠ ᠪᠡᠨ ᠤᠰᠤᠯᠠᠨ᠂ ᠪᠠᠰᠠ ᠨᠠᠭᠤᠷ ᠤᠨ ᠬᠦᠪᠡᠬᠡᠨ ᠳᠤ ᠪᠠᠭᠤᠳᠠᠯᠯᠠᠨ ᠴᠡᠷᠢᠭ᠌ ᠢᠶᠡᠨ ᠪᠦᠷᠢᠳᠬᠡᠵᠤ ᠵᠢᠬᠰᠠᠭᠠᠯ ᠰᠢᠯᠭᠠᠵᠤ ᠪᠠᠶᠢᠭᠰᠠᠨ ᠳᠡᠤᠬᠡ ᠲᠠᠢ᠃ ᠦᠨᠦᠳᠦᠷ᠂ ᠪᠠᠶᠠ ᠨᠠᠷ ᠡᠨᠳᠡ ᠨᠠᠭᠤᠷ ᠢᠶᠡᠨ ᠮᠠᠨᠠᠭᠰᠠᠭᠠᠷ᠂ ᠰᠠᠶᠢᠷᠠᠮ ᠨᠠᠭᠤᠷ ᠮᠦᠨ ᠯᠡ ᠨᠤᠮᠢᠨ ᠬᠦᠬᠡ ᠪᠡᠷ ᠢᠶᠡᠨ᠂ ᠪᠠᠶᠢᠭᠠᠯᠢᠯᠢᠭ ᠪᠡᠯᠴᠢᠬᠡᠷ ᠠᠭᠤᠯᠠ ᠶᠢᠨ ᠬᠤᠷᠮᠤᠢ ᠡᠴᠡ ᠨᠠᠭᠤᠷ ᠤᠨ ᠬᠦᠪᠡᠬᠡ ᠬᠦᠷᠳᠡᠯ᠎ᠡ ᠬᠠᠯᠢᠭᠤᠷᠠᠭᠰᠠᠭᠠᠷ᠂ ᠡᠨᠳᠡ ᠬᠦᠮᠦᠨ ᠪᠠᠶᠢᠭᠠᠯᠢ ᠡᠶ᠎ᠡ ᠵᠤᠬᠢᠴᠠᠩᠭᠤᠢ ᠤᠷᠤᠰᠢᠨ ᠳᠤᠭᠳᠠᠨᠢᠭᠰᠠᠭᠠᠷ ᠪᠤᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121547980