蒙古文网站Logo
ᠰᠢᠨᠬᠤᠸᠠ ᠮᠤᠩᠭ᠋ᠤᠯ ᠨᠧᠲ

ᠮᠦᠧᠧ ᠵᠢᠶᠠᠨ ᠴᠧᠩ ᠵᠤᠬᠢᠶᠠᠨ ᠪᠠᠶᠢᠭᠤᠯᠤᠯᠳᠠ ᠳᠤ ᠪᠠᠶᠢᠴᠠᠭᠠᠭᠳᠠᠵᠤ ᠪᠠᠶᠢᠨ᠎ᠠ

2017-08-28 10:45

    ᠰᠢᠨᠬᠤᠧᠠ ᠬᠤᠷᠢᠶ᠎ᠠ   ᠪᠡᠭᠡᠵᠢᠩ ᠤᠨ 8 ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠭᠡ   ᠰᠤᠷᠪᠤᠯᠵᠢᠯᠠᠭᠴᠢ ᠳᠦᠪ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶᠠᠨ ᠡᠴᠡ ᠤᠶᠢᠯᠠᠭᠠᠭᠰᠠᠨ ᠢᠶᠡᠷ᠂ ᠳᠦᠪ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶᠠᠨ ᠡᠴᠡ ᠪᠠᠩᠬᠢ ᠰᠠᠩᠬᠦᠦ ᠶᠢᠨ ᠶᠠᠮᠤᠨ ᠳᠤ ᠰᠠᠭᠤᠭ᠎ᠠ ᠰᠠᠬᠢᠯᠭ᠎ᠠ ᠪᠠᠳᠤ ᠪᠠᠶᠢᠴᠠᠭᠠᠬᠤ ᠪᠠᠭ ᠤᠨ ᠳᠠᠷᠤᠭ᠎ᠠ᠂ ᠪᠠᠩᠬᠢ ᠰᠠᠩᠬᠦᠦ ᠶᠢᠨ ᠶᠠᠮᠤᠨ ᠤ ᠨᠠᠮ ᠤᠨ ᠪᠠᠭ ᠤᠨ ᠬᠡᠰᠢᠬᠦᠨ ᠮᠦᠧᠧ ᠵᠢᠶᠠᠨ ᠴᠧᠩ ᠰᠠᠬᠢᠯᠭ᠎ᠠ ᠪᠠᠳᠤ ᠶᠢ ᠬᠦᠨᠳᠦ ᠨᠤᠴᠢᠳᠠᠢ ᠵᠦᠷᠢᠴᠡᠭᠰᠡᠨ ᠬᠡᠷᠡᠭ ᠲᠤ ᠬᠤᠯᠪᠤᠭᠳᠠᠵᠤ᠂ ᠤᠳᠤ ᠪᠡᠷ ᠵᠤᠬᠢᠶᠠᠨ ᠪᠠᠶᠢᠭᠤᠯᠤᠯᠳᠠ ᠳᠤ ᠪᠠᠶᠢᠴᠠᠭᠠᠭᠳᠠᠵᠤ ᠪᠠᠶᠢᠨ᠎ᠠ᠃

    ᠮᠦᠧᠧ ᠵᠢᠶᠠᠨ ᠴᠧᠩ᠂ ᠡᠷᠡᠭᠳᠡᠢ᠂ ᠬᠢᠳᠠᠳ ᠦᠨᠳᠦᠰᠦᠳᠡᠨ᠂ 1956 ᠤᠨ ᠤ 3 ᠰᠠᠷ᠎ᠠ ᠳᠤ ᠳᠦᠷᠦᠭᠰᠡᠨ᠂ ᠵᠧᠵᠢᠶᠠᠩ ᠮᠤᠵᠢ ᠶᠢᠨ ᠱᠧᠩᠵᠧᠤ ᠶᠢᠨ ᠬᠦᠮᠦᠨ᠂ 1977 ᠤᠨ ᠤ 5 ᠰᠠᠷ᠎ᠠ ᠳᠤ ᠳᠤᠮᠳᠠᠳᠤ ᠤᠯᠤᠰ ᠤᠨ ᠡᠪ ᠬᠠᠮᠳᠤ ᠨᠠᠮ ᠳᠤ ᠡᠯᠰᠡᠭᠳᠡᠵᠤ᠂ 1972 ᠤᠨ ᠤ 2 ᠰᠠᠷ᠎ᠠ ᠳᠤ ᠠᠵᠢᠯ ᠤᠨ ᠪᠠᠶᠢᠷᠢᠨ ᠳᠤ ᠭᠠᠷᠴᠠᠢ᠃ ᠳᠦᠪ ᠤᠨ ᠨᠠᠮ ᠤᠨ ᠰᠤᠷᠭᠠᠭᠤᠯᠢ ᠶᠢᠨ ᠵᠠᠬᠢᠳᠠᠯ ᠢᠶᠡᠷ ᠰᠤᠷᠬᠤ ᠳᠡᠬᠡᠳᠦ ᠰᠤᠷᠭᠠᠭᠤᠯᠢ ᠶᠢᠨ ᠡᠳ᠋ ᠤᠨ ᠵᠠᠰᠠᠭ ᠤᠨ ᠬᠠᠮᠢᠶᠠᠷᠤᠯᠳᠠ ᠶᠢᠨ ᠮᠡᠷᠬᠡᠵᠢᠯ ᠢᠶᠡᠷ ᠳᠡᠬᠦᠰᠴᠠᠢ᠃

    1985 ᠤᠨ ᠡᠴᠡ 1991 ᠤᠨ ᠪᠤᠯᠳᠠᠯ᠎ᠠ ᠳᠤᠰ ᠳᠤᠰ ᠡᠪ ᠬᠠᠮᠳᠤ ᠵᠠᠯᠠᠭᠤᠴᠤᠳ ᠤᠨ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠦᠬᠠᠢ ᠬᠤᠳᠠ ᠶᠢᠨ ᠬᠤᠷᠢᠶᠠᠨ ᠤ ᠱᠦᠵᠢ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠦᠬᠠᠢ ᠬᠤᠳᠠ ᠶᠢᠨ ᠵᠠᠰᠠᠭ ᠤᠨ ᠤᠷᠳᠤᠨ ᠤ ᠨᠠᠷᠢᠨ ᠪᠢᠴᠢᠭ᠌ ᠤᠨ ᠳᠠᠷᠤᠭ᠎ᠠ᠂ ᠬᠤᠳᠠ ᠶᠢᠨ ᠨᠠᠮ ᠤᠨ ᠬᠤᠷᠢᠶᠠᠨ ᠤ ᠨᠠᠷᠢᠨ ᠪᠢᠴᠢᠭ᠌ ᠤᠨ ᠳᠠᠷᠤᠭ᠎ᠠ; 1991 ᠤᠨ ᠡᠴᠡ 2004 ᠤᠨ ᠪᠤᠯᠳᠠᠯ᠎ᠠ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠦᠬᠠᠢ ᠬᠤᠳᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠬᠤᠳᠠ ᠶᠢᠨ ᠨᠠᠮ ᠤᠨ ᠬᠤᠷᠢᠶᠠᠨ ᠤ ᠨᠠᠷᠢᠨ ᠪᠢᠴᠢᠭ᠌ ᠤᠨ ᠳᠠᠷᠤᠭ᠎ᠠ᠂ ᠬᠤᠳᠠ ᠶᠢᠨ ᠳᠡᠳ᠋ ᠳᠠᠷᠤᠭ᠎ᠠ᠂ ᠬᠤᠳᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠢᠶᠠᠩ ᠪᠠᠯᠭᠠᠰᠤᠨ ᠤ ᠠᠵᠤ ᠠᠬᠤᠶᠢᠯᠠᠯ ᠤᠨ ᠳᠤᠪᠴᠢᠶᠠᠨ ᠤ ᠳᠡᠳ᠋ ᠳᠠᠷᠤᠭ᠎ᠠ᠂ ᠲᠦᠩᠯᠢᠶᠤᠤ ᠬᠤᠳᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠳᠠ ᠶᠢᠨ ᠳᠡᠳ᠋ ᠳᠠᠷᠤᠭ᠎ᠠ᠂ ᠬᠤᠳᠠ ᠶᠢᠨ ᠳᠠᠷᠤᠭ᠎ᠠ᠂ ᠬᠤᠳᠠ ᠶᠢᠨ ᠨᠠᠮ ᠤᠨ ᠬᠤᠷᠢᠶᠠᠨ ᠤ ᠱᠦᠵᠢ; 2004 ᠤᠨ ᠤ 12 ᠰᠠᠷ᠎ᠠ ᠡᠴᠡ 2006 ᠤᠨ ᠤ 11 ᠰᠠᠷ᠎ᠠ ᠪᠤᠯᠳᠠᠯ᠎ᠠ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠤᠬᠠᠭᠤᠯᠬᠤ ᠬᠡᠯᠳᠡᠰ ᠤᠨ ᠳᠠᠷᠤᠭ᠎ᠠ; 2006 ᠤᠨ ᠤ 11 ᠰᠠᠷ᠎ᠠ ᠡᠴᠡ 2010 ᠤᠨ ᠤ 4 ᠰᠠᠷ᠎ᠠ ᠪᠤᠯᠳᠠᠯ᠎ᠠ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠪᠤᠭᠤᠳᠤ ᠬᠤᠳᠠ ᠶᠢᠨ ᠨᠠᠮ ᠤᠨ ᠬᠤᠷᠢᠶᠠᠨ ᠤ ᠱᠦᠵᠢ; 2010 ᠤᠨ ᠤ 4 ᠰᠠᠷ᠎ᠠ ᠡᠴᠡ 2013 ᠤᠨ ᠤ 7 ᠰᠠᠷ᠎ᠠ ᠪᠤᠯᠳᠠᠯ᠎ᠠ ᠵᠢᠶᠠᠩᠰᠢ ᠮᠤᠵᠢ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠵᠤᠬᠢᠶᠠᠨ ᠪᠠᠶᠢᠭᠤᠯᠬᠤ ᠬᠡᠯᠳᠡᠰ ᠤᠨ ᠳᠠᠷᠤᠭ᠎ᠠ ( 2011 ᠤᠨ ᠤ 5 ᠰᠠᠷ᠎ᠠ ᠡᠴᠡ 2011 ᠤᠨ ᠤ 11 ᠰᠠᠷ᠎ᠠ ᠪᠤᠯᠳᠠᠯ᠎ᠠ ᠵᠢᠶᠠᠩᠰᠢ ᠮᠤᠵᠢ ᠶᠢᠨ ᠨᠠᠮ ᠤᠨ ᠬᠤᠷᠢᠶᠠᠨ ᠤ ᠨᠢᠬᠡᠳᠦᠮᠡᠯ ᠹᠷᠤᠨᠲ ᠤᠨ ᠬᠡᠯᠳᠡᠰ ᠤᠨ ᠳᠠᠷᠤᠭ᠎ᠠ); 2013 ᠤᠨ ᠤ 7 ᠰᠠᠷ᠎ᠠ ᠡᠴᠡ 2015 ᠤᠨ ᠤ 1 ᠰᠠᠷ᠎ᠠ  ᠪᠤᠯᠳᠠᠯ᠎ᠠ ᠵᠢᠶᠠᠩᠰᠢ ᠮᠤᠵᠢ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠮᠤᠵᠢ ᠶᠢᠨ ᠵᠠᠰᠠᠭ ᠤᠨ ᠤᠷᠳᠤᠨ ᠤ ᠪᠠᠶᠢᠩᠭᠤ ᠶᠢᠨ ᠳᠡᠳ᠋ ᠮᠤᠵᠢ ᠶᠢᠨ ᠳᠠᠷᠤᠭ᠎ᠠ; 2015 ᠤᠨ ᠤ 1 ᠰᠠᠷ᠎ᠠ ᠡᠴᠡ 2015 ᠤᠨ ᠤ 9 ᠰᠠᠷ᠎ᠠ ᠪᠤᠯᠳᠠᠯ᠎ᠠ ᠵᠢᠶᠠᠩᠰᠢ ᠮᠤᠵᠢ ᠶᠢᠨ ᠨᠠᠮ ᠤᠨ ᠬᠤᠷᠢᠶᠠᠨ ᠤ ᠳᠡᠳ᠋ ᠱᠦᠵᠢ᠂ ᠮᠤᠵᠢ ᠶᠢᠨ ᠵᠠᠰᠠᠭ ᠤᠨ ᠤᠷᠳᠤᠨ ᠤ ᠪᠠᠶᠢᠩᠭᠤ ᠶᠢᠨ ᠳᠡᠳ᠋ ᠮᠤᠵᠢ ᠶᠢᠨ ᠳᠠᠷᠤᠭ᠎ᠠ; 2015 ᠤᠨ ᠤ 9 ᠰᠠᠷ᠎ᠠ ᠡᠴᠡ 2015 ᠤᠨ ᠤ 12 ᠰᠠᠷ᠎ᠠ ᠪᠤᠯᠳᠠᠯ᠎ᠠ ᠵᠢᠶᠠᠩᠰᠢ ᠮᠤᠵᠢ ᠶᠢᠨ ᠨᠠᠮ ᠤᠨ ᠬᠤᠷᠢᠶᠠᠨ ᠤ ᠳᠡᠳ᠋ ᠱᠦᠵᠢ; 2015 ᠤᠨ ᠤ 12 ᠰᠠᠷ᠎ᠠ ᠳᠤ ᠳᠦᠪ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶᠠᠨ ᠡᠴᠡ ᠪᠠᠩᠬᠢ ᠰᠠᠩᠬᠦᠦ ᠶᠢᠨ ᠶᠠᠮᠤᠨ ᠳᠤ ᠰᠠᠭᠤᠭ᠎ᠠ ᠰᠠᠬᠢᠯᠭ᠎ᠠ ᠪᠠᠳᠤ ᠪᠠᠶᠢᠴᠠᠭᠠᠬᠤ ᠪᠠᠭ ᠤᠨ ᠳᠠᠷᠤᠭ᠎ᠠ᠂ ᠪᠠᠩᠬᠢ ᠰᠠᠩᠬᠦᠦ ᠶᠢᠨ ᠶᠠᠮᠤᠨ ᠤ ᠨᠠᠮ ᠤᠨ ᠪᠠᠭ ᠤᠨ ᠬᠡᠰᠢᠬᠦᠨ ᠵᠡᠷᠬᠡ ᠳᠤᠰᠢᠶᠠᠯ ᠢ ᠬᠠᠷᠢᠭᠤᠴᠠᠵᠤ ᠪᠠᠶᠢᠪᠠ᠃ ᠡᠪ ᠬᠠᠮᠳᠤ ᠨᠠᠮ ᠤᠨ ᠠᠷᠪᠠᠨ ᠨᠠᠶ᠋ᠮᠠᠳᠤᠭᠠᠷ ᠬᠤᠭᠤᠴᠠᠭᠠᠨ ᠤ ᠳᠦᠪ ᠬᠤᠷᠢᠶᠠᠨ ᠤ ᠤᠷᠤᠯᠠᠭᠴᠢ ᠬᠡᠰᠢᠬᠦᠨ᠃ (ᠨᠠᠮᠳᠠᠷ ᠢ ᠪᠠᠩᠬᠢ ᠰᠠᠩᠬᠦᠦ ᠶᠢᠨ ᠶᠠᠮᠤᠨ ᠤ ᠠᠯᠪᠠᠨ ᠤ ᠨᠧᠲ ᠡᠴᠡ ᠠᠪᠤᠪᠠ)

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121554594