蒙古文网站Logo
ᠰᠢᠨᠬᠤᠸᠠ ᠮᠤᠩᠭ᠋ᠤᠯ ᠨᠧᠲ

ᠳᠠᠯ᠎ᠠ ᠨᠤᠳᠤᠭ ᠤᠨ ᠵᠢᠶᠠᠩᠨᠠᠨ - ᠮᠤᠤᠠᠤᠰᠤ

2017-08-28 15:30

    ᠰᠢᠨᠬᠤᠧᠠ ᠬᠤᠷᠢᠶ᠎ᠠ   ᠬᠦᠬᠡᠬᠤᠳᠠ ᠶᠢᠨ 8 ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢ ᠷᠧᠨ ᠬᠤ᠂ ᠷᠧᠨ ᠡᠾ᠋ᠦ᠋ᠢ ᠪᠢᠨ᠂ ᠸᠠᠩ ᠵᠢᠩ) ᠵᠦᠰᠡᠷ ᠪᠤᠷᠤᠭ᠎ᠠ ᠵᠦᠬᠡᠯᠡᠬᠡᠨ ᠰᠢᠪᠡᠷᠡᠵᠤ ᠬᠡᠬᠡᠷ᠎ᠡ ᠳᠠᠯ᠎ᠠ ᠤᠯᠠᠮ ᠨᠤᠭᠤᠭᠠᠷᠠᠵᠤ ᠬᠠᠷᠠᠭᠳᠠᠨ᠎ᠠ᠃ ᠮᠤᠤᠠᠤᠰᠤ ᠶᠢᠨ ᠡᠯᠢᠬᠡᠨ ᠳ᠋ᠡᠬᠢ ᠤᠯᠠᠭᠠᠨᠳᠤᠯᠤᠭᠠᠢ ᠬᠠᠶᠢᠷ ᠴᠢᠯᠠᠭᠤᠨ ᠵᠠᠮ ᠤᠨ ᠬᠤᠶᠠᠷ ᠳᠠᠯ᠎ᠠ ᠪᠡᠷ ᠮᠤᠳᠤᠳ ᠨᠤᠭᠤᠭᠠᠷᠠᠵᠤ᠂ ᠳᠤᠮᠳᠠᠭᠤᠷ ᠨᠢ ᠳᠠᠪᠬᠢᠬᠤ ᠬᠦᠩᠬᠡᠨ ᠮᠠᠰᠢᠨ ᠵᠢᠷᠪᠢᠰᠬᠢᠨ ᠦᠩᠬᠡᠷᠡᠨ᠎ᠡ᠂ ᠤᠢ ᠶᠢᠨ ᠳᠤᠮᠳᠠ ᠬᠦᠮᠦᠨ ᠠᠮᠢᠳᠠᠨ ᠤ ᠪᠠᠷ᠎ᠠ ᠬᠠᠷᠠᠭᠳᠠᠬᠤ ᠦᠬᠡᠢ ᠪᠤᠯᠪᠠᠴᠤ ᠶᠠᠭᠤ ᠨᠢᠬᠡ ᠶᠢ ᠬᠦᠤᠷᠨᠢᠬᠦ ᠳᠠᠭᠤ ᠳᠤᠳᠤᠬᠠᠨ ᠰᠤᠨᠤᠷᠳᠠᠬᠤ ᠠᠵᠢ᠃

    ᠦᠨᠳᠦᠷ ᠲᠤ ᠭᠠᠷᠴᠤ ᠳᠦᠷᠪᠡᠨ ᠵᠦᠭ ᠲᠤ ᠪᠠᠷᠠᠯᠠᠬᠤᠶ᠎ᠠ ᠵᠢᠭᠳᠡᠷᠡᠭᠰᠡᠨ ᠤᠯᠢᠶᠠᠰᠤ᠂ ᠪᠠᠭᠰᠢᠷᠠᠭᠰᠠᠨ ᠨᠠᠷᠠᠰᠤ ᠰᠢᠪᠡᠷᠡᠬᠡ ᠪᠤᠷᠤᠭᠠᠨ ᠤ ᠳᠤᠮᠳᠠ ᠬᠦᠬᠡᠷᠡᠬᠡᠳ᠂ ᠪᠤᠳᠠ ᠪᠤᠳᠠ ᠪᠤᠷᠭᠠᠰᠤ ᠮᠦᠨ ᠨᠤᠭᠤᠭᠠᠨ ᠢᠶᠡᠷ ᠨᠠᠬᠢᠯᠵᠠᠨ ᠬᠤᠨᠢᠨ ᠪᠤᠷᠭᠠᠰᠤ ᠨᠢ ᠶᠠᠭᠠᠨ ᠴᠡᠴᠡᠭ ᠳᠡᠯᠬᠡᠷᠡᠵᠡᠢ᠃

    ᠨᠠᠮᠤᠷ ᠤᠨ ᠡᠬᠢᠨ ᠤ ᠵᠦᠬᠡᠯᠡᠨ ᠪᠤᠷᠤᠭ᠎ᠠ ᠰᠢᠪᠡᠷᠡᠭᠰᠡᠬᠡᠷ᠃ ᠵᠢᠵᠢᠭ᠌ ᠮᠠᠰᠢᠨ ᠮᠤᠵᠢ ᠶᠢᠨ 313 ᠵᠠᠮ ᠳᠡᠬᠡᠷ᠎ᠡ ᠳᠠᠪᠬᠢᠭᠰᠠᠭᠠᠷ᠂ ᠴᠤᠩᠬᠤᠨ ᠤ ᠭᠠᠳᠠᠨ᠎ᠠ ᠨᠤᠭᠤᠭᠠᠨ ᠳᠠᠪᠠᠯᠭᠠᠨ ᠬᠠᠶᠠᠯᠠᠵᠤ ᠠᠯᠤᠰ ᠶᠢ ᠵᠤᠷᠢᠨ ᠰᠤᠨᠤᠯᠵᠠᠨ᠎ᠠ᠃ ᠤᠯᠠᠭᠠᠨ᠂ ᠴᠠᠭᠠᠨ ᠤᠳᠪᠠᠯᠠ᠂ ᠴᠠᠬᠢᠷᠮ᠎ᠠ ᠴᠡᠴᠡᠭ ᠦᠩᠬᠡ ᠪᠤᠯᠢᠶᠠᠯᠳᠤᠨ᠂ ᠨᠤᠭᠤᠭᠠᠨ ᠳᠠᠯ᠎ᠠ ᠶᠢ ᠭᠤᠶᠤᠮᠰᠤᠭ ᠬᠢᠪᠢᠰ ᠰᠢᠭ ᠪᠤᠯᠭᠠᠵᠠᠢ᠃ ᠬᠤᠯᠠ ᠶᠢᠨ ᠬᠤᠯᠠ ᠬᠠᠶᠠ ᠨᠢᠬᠡ ᠡᠯᠡᠰᠦᠨ ᠳᠤᠪᠤ ᠴᠤᠬᠤᠶᠢᠵᠤ᠂ ᠮᠤᠩᠭᠤᠯ ᠤᠨ ᠦᠨᠳᠦᠷᠯᠢᠭ ᠲᠡᠬᠢ ᠮᠤᠤᠠᠤᠰᠤ ᠶᠢᠨ ᠡᠯᠡᠰᠦᠨ ᠳᠤ ᠶᠠᠪᠤᠭ᠎ᠠ ᠰᠢᠤ ᠬᠡᠳᠡᠭ ᠢ ᠰᠠᠨᠠᠭᠤᠯᠤᠭᠠᠳ ᠪᠠᠶᠢᠭ᠎ᠠ ᠴᠤ ᠶᠤᠮᠰᠢᠬ᠃

    ᠵᠢᠵᠢᠭ᠌ ᠮᠠᠰᠢᠨ ᠰᠠᠯᠠᠭ᠎ᠠ ᠵᠠᠮ ᠤᠷᠤᠭᠤ ᠤᠷᠤᠬᠤ᠂ ᠤᠳᠠ ᠤᠯᠢᠶᠠᠰᠤ ᠮᠦᠨ ᠬᠤᠶᠠᠷ ᠭᠠᠷᠯᠠᠨ ᠤᠭᠳᠤᠨ᠎ᠠ᠃ ᠪᠦᠷᠢᠳᠦ ᠭᠠᠴᠠᠭᠠᠨ ᠤ ᠮᠠᠯᠴᠢᠨ ᠳᠠᠷᠢᠶᠠᠴᠢᠨ ᠡᠷᠦᠬᠡ ᠨᠤᠬᠦᠳ ᠰᠢᠪᠡᠷᠡᠬᠡ ᠪᠤᠷᠤᠭᠠᠨ ᠤ ᠳᠤᠮᠳᠠ ᠪᠦᠷᠳᠦᠯᠵᠡᠵᠤ᠂ ᠨᠤᠳᠤᠭ ᠢᠶᠡᠨ ᠵᠤᠷᠢᠬᠤ ᠰᠡᠳᠬᠢᠯ ᠢ ᠡᠷᠬᠡ ᠦᠬᠡᠢ ᠤᠪᠤᠯᠵᠠᠭᠤᠯᠤᠨ᠎ᠠ᠃ ᠳᠡᠬᠡᠷ᠎ᠡ ᠵᠠᠭᠤᠨ ᠤ ᠳᠠᠪᠢ ᠵᠢᠷᠠᠭᠠᠳ ᠤᠨ ᠳᠤ᠂ ᠦᠤᠰᠢᠨ ᠬᠤᠰᠢᠭᠤᠨ ᠤ ᠮᠤᠳᠤ ᠳᠠᠷᠢᠵᠤ ᠤᠶᠢᠵᠢᠭᠤᠯᠤᠭᠰᠠᠨ ᠬᠤᠰᠢᠭᠤᠴᠢ ᠪᠤᠷᠤᠯᠳᠠᠢ ᠬᠡᠳᠦᠨ ᠠᠷᠪᠠᠨ ᠵᠢᠯ ᠤᠨ ᠬᠦᠴᠦ ᠬᠦᠳᠡᠯᠮᠦᠷᠢ ᠪᠡᠷ ᠢᠶᠡᠨ ᠡᠨᠡᠬᠦ ᠡᠯᠡᠰᠦ ᠶᠢ ᠨᠤᠭᠤᠭᠠᠨ ᠴᠡᠴᠡᠷᠯᠢᠭ ᠪᠤᠯᠭᠠᠭᠰᠠᠨ ᠶᠤᠮ᠃

    ᠦᠤᠰᠢᠨ ᠬᠤᠰᠢᠭᠤᠨ ᠤ 6 ᠳᠦᠮᠡ ᠭᠠᠷᠤᠢ ᠮᠦ ᠳᠠᠯᠠᠪᠠᠢ ᠲᠠᠢ ᠦᠤᠰᠢᠨᠵᠤᠤ ᠠᠵᠤ ᠦᠢᠯᠡᠳᠪᠦᠷᠢ ᠶᠢᠨ ᠬᠦᠷᠢᠶᠡᠯᠡᠩ ᠳᠤ ᠳᠦᠷᠪᠡᠨ ᠳᠤᠮᠤ ᠠᠵᠤ ᠠᠬᠤᠶᠢᠯᠠᠯ ᠰᠠᠭᠤᠷᠢᠰᠢᠵᠠᠢ᠃ ᠬᠦᠷᠢᠶᠡᠯᠡᠩ ᠤᠨ ᠬᠠᠵᠠᠭᠤᠬᠠᠨ ᠳᠤ ᠬᠡᠳᠦᠨ ᠮᠢᠩᠭᠠᠨ ᠮᠦ ᠳᠠᠯᠠᠪᠠᠢ ᠲᠠᠢ ᠳᠤᠮᠤᠬᠠᠨ ᠨᠠᠭᠤᠷ ᠬᠠᠷᠠᠭᠳᠠᠵᠤ᠂ ᠤᠯᠠᠨ ᠰᠢᠪᠠᠭᠤᠳ ᠨᠠᠷᠬᠢᠨ ᠰᠠᠭᠤᠨ᠎ᠠ᠃

    ᠭᠠᠯᠠᠭᠤᠳᠤ ᠪᠠᠯᠭᠠᠰᠤ ᠪᠤᠯ ᠦᠤᠰᠢᠨ ᠬᠤᠰᠢᠭᠤᠨ ᠤ ᠳᠦᠪ ᠪᠤᠯᠬᠤ ᠶᠤᠮ᠂ ᠭᠠᠵᠠᠷ ᠤᠨ ᠪᠠᠶᠢᠴᠠ ᠳᠡᠭᠰᠢᠬᠡᠨ᠂ ᠵᠠᠮ ᠠᠭᠤᠵᠢᠭᠤ᠃ ᠤᠯᠢᠶᠠᠰᠤ᠂ ᠨᠠᠷᠠᠰᠤ᠂ ᠬᠤᠰᠤ ᠬᠢᠬᠡᠳ ᠴᠡᠴᠡᠭ ᠬᠤᠧᠠᠷ ᠪᠠᠷᠢᠯᠭ᠎ᠠ ᠪᠠᠶᠢᠭᠤᠯᠤᠮᠵᠢ ᠶᠢ ᠴᠢᠮᠡᠵᠤ᠂ ᠪᠤᠷᠤᠭᠠᠨ ᠤ ᠳᠤᠮᠳᠠᠭᠤᠷ ᠶᠠᠭ ᠯᠠ ᠵᠢᠶᠠᠩᠨᠠᠨ ᠤᠷᠤᠨ ᠰᠢᠬ ᠰᠠᠨᠠᠭᠳᠠᠭᠤᠯᠤᠨ᠎ᠠ᠃

    ᠮᠤᠤᠠᠤᠰᠤ ᠪᠤᠯ ᠤᠯᠤᠰ ᠲᠠᠶᠠᠭᠠᠷ ᠤᠨ ᠳᠦᠷᠪᠡᠨ ᠳᠤᠮᠤ ᠡᠯᠡᠰᠦᠷᠬᠡᠭ ᠭᠠᠵᠠᠷ ᠤᠨ ᠨᠢᠬᠡ᠂ ᠮᠦᠨ ᠴᠤ ᠪᠡᠬᠡᠵᠢᠩ ᠲᠢᠶᠠᠨᠵᠢᠨ ᠤ ᠰᠠᠯᠬᠢᠨ ᠤ ᠡᠬᠢ ᠡᠬᠦᠰᠦᠯ ᠭᠠᠵᠠᠷ ᠪᠤᠯᠬᠤ ᠶᠤᠮ᠃ ᠳᠡᠬᠡᠷ᠎ᠡ ᠵᠠᠭᠤᠨ ᠤ ᠨᠠᠶᠠ ᠶᠡᠷᠡᠬᠡᠳ ᠤᠨ ᠳᠤ ᠬᠤᠪᠠᠬᠠᠢ ᠡᠯᠡᠰᠦ ᠦᠷᠬᠦᠯᠵᠢᠯᠡᠵᠤ ᠤᠷᠭᠤᠮᠠᠯ ᠠᠮᠢᠳᠠᠨ ᠤ ᠪᠠᠷ᠎ᠠ ᠬᠠᠷᠠᠭᠳᠠᠬᠤ ᠦᠬᠡᠢ ᠪᠠᠶᠢᠭᠰᠠᠨ᠃ ᠵᠠᠰᠠᠭ ᠤᠨ ᠤᠷᠳᠤᠨ᠂ ᠮᠠᠯᠴᠢᠨ ᠳᠠᠷᠢᠶᠠᠴᠢᠨ᠂ ᠠᠵᠤ ᠠᠬᠤᠶᠢᠯᠠᠯ ᠬᠢᠬᠡᠳ ᠨᠡᠶᠢᠬᠡᠮ ᠨᠡᠶᠢᠳᠡ ᠶᠢᠨ ᠬᠢᠨ ᠤ ᠳᠠᠪᠢ ᠭᠠᠷᠤᠢ ᠵᠢᠯ ᠤᠨ ᠵᠠᠰᠠᠯᠳᠠ ᠪᠡᠷ ᠤᠳᠤ 38% ᠶᠢᠨ ᠤᠢ ᠶᠢᠨ ᠪᠦᠷᠬᠦᠴᠡ ᠲᠠᠢ ᠪᠤᠯᠵᠤ᠂ ᠤᠷᠭᠤᠮᠠᠯ ᠤᠨ ᠪᠦᠳᠦᠴᠡ 80% ᠳᠤ ᠬᠦᠷᠴᠠᠢ᠃ ᠨᠡᠷᠡᠳᠦ ᠵᠤᠬᠢᠶᠠᠯᠴᠢ ᠰᠢᠶᠤᠤ ᠢ ᠨᠦᠩ 《ᠮᠤᠤᠠᠤᠰᠤ ᠶᠢᠨ ᠨᠤᠭᠤᠭᠠᠨ ᠳᠤᠮᠤᠭ》 ᠬᠡᠬᠦ ᠨᠤᠮ ᠳ᠋ᠠᠭᠠᠨ᠂ ᠳᠡᠯᠡᠬᠡᠢ ᠶᠢᠨ ᠪᠦᠮᠪᠦᠷᠴᠡᠭ ᠤᠨ ᠡᠨᠡᠬᠦ ᠰᠢᠷᠬ᠎ᠠ ᠨᠢᠬᠡᠨᠳᠡ ᠡᠳᠡᠬᠡᠷᠡᠵᠡᠢ ᠬᠡᠵᠤ ᠪᠢᠴᠢᠭᠰᠡᠨ ᠪᠢᠯᠡ᠃

    ᠮᠤᠳᠤ ᠤᠯᠠᠨ ᠪᠤᠯᠵᠤ᠂ ᠪᠠᠶᠢᠭᠠᠯᠢ ᠤᠯᠠᠮ ᠨᠤᠭᠤᠭᠠᠷᠠᠨ ᠠᠮᠢ ᠠᠬᠤᠢ ᠰᠡᠷᠬᠦᠵᠤ᠂ ᠴᠠᠭ ᠠᠭᠠᠷ ᠴᠤ ᠤᠯᠠᠮ ᠢᠶᠡᠷ ᠰᠠᠶᠢᠵᠢᠷᠠᠵᠠᠢ᠃ ᠦᠤᠰᠢᠨ ᠬᠤᠰᠢᠭᠤᠨ ᠤ ᠴᠠᠭ ᠠᠭᠤᠷ ᠤᠨ ᠳᠤᠪᠴᠢᠶ᠎ᠠ ᠶᠢᠨ ᠳᠤᠭ᠎ᠠ ᠪᠦᠷᠢᠳᠬᠡᠯ ᠳᠤ ᠳᠤᠳᠤᠷᠠᠭᠰᠠᠨ ᠢᠶᠡᠷ᠂ ᠰᠡᠬᠦᠯ ᠤᠨ ᠵᠢᠯ ᠤᠳ ᠲᠤ ᠬᠤᠷ᠎ᠠ ᠳᠤᠨᠳᠠᠰᠤᠨ ᠤ ᠬᠡᠮᠵᠢᠶ᠎ᠡ ᠮᠡᠳᠡᠭᠳᠡᠮ᠎ᠡ ᠳᠡᠬᠡᠭᠰᠢᠯᠡᠵᠠᠢ᠃ ᠨᠠᠷᠢᠨ ᠭᠤᠤᠯ ᠤᠢ ᠶᠢᠨ ᠦᠷᠳᠡᠬᠡᠨ ᠤ ᠳᠠᠷᠤᠭ᠎ᠠ᠂ 79 ᠨᠠᠰᠤᠳᠠᠢ ᠴᠢᠶᠠᠨ ᠵᠠᠨ ᠹᠠ ᠶᠢᠨ ᠬᠡᠯᠡᠬᠦ ᠪᠡᠷ᠂ ᠦᠨᠦᠳᠦᠷ ᠤᠨ ᠮᠤᠤᠠᠤᠰᠤ ᠶᠢᠨ ᠡᠯᠡᠰᠦᠷᠬᠡᠭ ᠭᠠᠵᠠᠷ ᠤᠨ ᠠᠮᠢ ᠠᠬᠤᠢ ᠤᠶᠢᠷ᠎ᠠ ᠶᠢᠨ 100 ᠵᠢᠯ ᠳ᠋ᠡᠬᠢ ᠬᠠᠮᠤᠭ ᠤᠨ ᠰᠠᠶᠢᠨ ᠪᠠᠶᠢᠳᠠᠯ ᠳᠤ ᠤᠷᠤᠵᠤ᠂ ᠠᠮᠢ ᠠᠬᠤᠢ ᠬᠢᠬᠡᠳ ᠬᠦᠳᠡᠬᠡ ᠠᠵᠤ ᠠᠬᠤᠢ᠂ ᠠᠮᠢ ᠠᠬᠤᠢ ᠬᠢᠬᠡᠳ ᠠᠵᠤ ᠦᠢᠯᠡᠳᠪᠦᠷᠢ᠂ ᠠᠮᠢ ᠠᠬᠤᠢ ᠬᠢᠬᠡᠳ ᠬᠦᠮᠦᠨ ᠤ ᠡᠶ᠎ᠡ ᠵᠤᠬᠢᠴᠠᠯ ᠲᠠᠢ ᠦᠬᠡᠳᠡᠯᠡᠨ ᠬᠦᠭᠵᠢᠭᠰᠡᠨ ᠳᠤᠬᠠᠳᠠᠢ ᠤᠷᠤᠨ ᠪᠤᠯᠤᠭᠰᠠᠨ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121556415