蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ ᠤᠨ ᠵᠢᠯ ᠲᠤᠮᠳᠠᠴᠢ ᠶᠢᠨ ᠤᠢ ᠰᠢᠭᠤᠢ ᠵᠢᠨ ᠪᠦᠳᠦᠬᠡᠨ ᠪᠠᠢᠢᠭᠤᠯᠤᠯᠳᠠ ᠵᠢᠨ ᠲᠠᠯᠠᠪᠠᠢ 1000 ᠲᠦᠮᠡᠨ ᠮᠦ ᠵᠢ ᠲᠠᠪᠠᠵᠠᠢ

2017-08-31 11:37

    ᠰᠤᠷᠪᠤᠯᠵᠢᠯᠠᠭᠴᠢ ᠦᠪᠦᠷ ᠮᠣᠩᠭᠣᠯ ᠤᠨ ᠦᠪᠡᠷᠳᠡᠬᠡᠨ ᠵᠠᠰᠠᠬᠤ ᠤᠷᠤᠨ ᠤ ᠤᠢ ᠰᠢᠭᠤᠢ ᠵᠢᠨ ᠲᠢᠩᠬᠢᠮ ᠡᠴᠡ ᠤᠢᠢᠯᠠᠭᠠᠬᠰᠠᠨ ᠢᠶᠡᠷ᠂ ᠰᠡᠭᠦᠯ ᠤᠨ 10 ᠵᠢᠯ ᠳ᠋᠋ᠤ ᠦᠪᠦᠷ ᠮᠣᠩᠭᠣᠯ ᠨᠡᠢᠢᠳᠡ 1.04 ᠳ᠋ᠦᠩᠰᠢᠭᠤᠷ ᠮᠦ ᠤᠢ ᠰᠢᠭᠤᠢ ᠵᠢᠨ ᠪᠦᠲᠦᠬᠡᠨ ᠪᠠᠢᠢᠭᠤᠯᠤᠯᠳᠠ ᠬᠢᠵᠦ᠂ ᠵᠢᠯ ᠲᠤᠮᠳᠠᠴᠢ ᠪᠡᠷ 1000 ᠭᠠᠷᠤᠢ ᠲᠦᠮᠡᠨ ᠮᠤ ᠭᠠᠵᠠᠷ ᠢ ᠤᠢᠢᠵᠢᠭᠤᠯᠵᠠᠢ᠃ ᠤᠳᠤᠬᠠᠨ ᠪᠤᠯᠳᠠᠯ᠎ᠠ ᠦᠪᠦᠷ ᠮᠣᠩᠭᠣᠯ ᠤᠨ ᠤᠢᠢᠵᠢᠭᠤᠯᠤᠯᠳᠠ ᠳ᠋᠋ᠤ ᠬᠡᠷᠡᠭᠯᠡᠭᠰᠡᠨ ᠭᠠᠵᠠᠷ ᠤᠨ ᠲᠠᠯᠠᠪᠠᠢ ᠪᠠ ᠤᠢ ᠰᠢᠭᠤᠢ ᠵᠢᠨ ᠲᠠᠯᠠᠪᠠᠢ ᠲᠤᠰ ᠪᠤᠢᠷᠢ 6.59 ᠳ᠋ᠦᠩᠰᠢᠭᠤᠷ ᠮᠦ ᠪᠠ 3.73 ᠳ᠋ᠦᠩᠰᠢᠭᠤᠷ ᠮᠦ ᠳ᠋᠋ᠤ ᠬᠦᠷᠴᠤ᠂ ᠴᠦᠮ ᠤᠯᠤᠰ ᠳᠠᠶᠠᠭᠠᠷ ᠲᠤ ᠲᠦᠷᠦᠬᠦᠯᠡᠵᠤ ᠪᠤᠢ᠃

    ᠤᠷᠳᠤ ᠬᠤᠭᠤᠴᠠᠭᠠᠨ ᠤ ᠲᠤᠷᠰᠢ᠂ ᠦᠪᠦᠷ ᠮᠣᠩᠭᠣᠯ ᠠᠮᠢ ᠠᠬᠤᠢ ᠵᠢᠨ ᠪᠦᠲᠦᠬᠡᠨ ᠪᠠᠢᠢᠭᠤᠯᠤᠯᠳᠠ ᠪᠡᠷ ᠭᠤᠤᠯ ᠪᠤᠯᠭᠠᠬᠰᠠᠨ ᠤᠢ ᠰᠢᠭᠤᠢ ᠵᠢᠨ ᠦᠢᠯᠡᠰ ᠢ ᠬᠦᠭ᠍ᠵᠢᠬᠦᠯᠬᠦ ᠪᠠᠢᠢᠯᠳᠤᠬᠤ ᠪᠤᠳᠤᠯᠭ᠎ᠠ ᠵᠢ ᠪᠠᠷᠢᠮᠳᠠᠯᠠᠨ ᠬᠡᠷᠡᠭᠵᠢᠬᠦᠯᠵᠦ᠂ ᠤᠨᠴᠠᠭᠠᠢᠢᠯᠠᠨ ᠪᠠᠷᠠᠭᠤᠨ ᠪᠦᠰᠡ ᠶᠢ ᠶᠡᠬᠡᠪᠡᠷ ᠨᠡᠬᠡᠬᠡᠨ ᠬᠦᠭ᠍ᠵᠢᠬᠦᠯᠦᠭᠰᠡᠨ ᠡᠴᠡ ᠨᠠᠰᠢ ᠦᠪᠦᠷ ᠮᠣᠩᠭᠣᠯ ᠡᠬᠡ ᠤᠯᠤᠰ ᠤᠨ ᠤᠮᠠᠷᠠᠳᠤ ᠵᠢᠨ ᠴᠢᠬᠤᠯᠠ ᠠᠮᠢ ᠠᠬᠤᠢ ᠵᠢᠨ ᠠᠶᠤᠯᠭᠦᠢ ᠶᠢᠨ ᠬᠠᠯᠬᠠᠪᠴᠢ ᠶᠢ ᠪᠦᠲᠦᠬᠡᠨ ᠪᠠᠢᠢᠭᠤᠯᠬᠤ ᠪᠡᠷ ᠪᠠᠢᠢᠯᠳᠤᠬᠤ ᠪᠤᠳᠤᠯᠭ᠎ᠠ ᠵᠢᠨ ᠬᠠᠷᠠᠯᠳᠠ ᠪᠠᠨ ᠪᠤᠯᠭᠠᠵᠦ᠂ ᠤᠢ ᠰᠢᠭᠤᠢ ᠵᠢᠨ ᠪᠦᠲᠦᠬᠡᠨ ᠪᠠᠢᠢᠭᠤᠯᠤᠯᠳᠠ ᠵᠢᠨ ᠡᠷᠴᠢᠮ ᠵᠢᠡᠨ ᠲᠠᠰᠤᠷᠠᠯ ᠦᠬᠡᠢ ᠴᠢᠩᠭ᠋ᠠᠷᠠᠭᠤᠯᠵᠠᠢ᠃ ᠡᠢᠢᠨᠬᠦ ᠦᠪᠦᠷ ᠮᠣᠩᠭᠣᠯ ᠤᠨ ᠤᠢ ᠰᠢᠭᠤᠢ ᠵᠢᠨ ᠲᠠᠯᠠᠪᠠᠢ ᠦᠪᠦᠷ ᠮᠣᠩᠭᠣᠯ ᠤᠨ ᠦᠪᠡᠷᠳᠡᠬᠡᠨ ᠵᠠᠰᠠᠬᠤ ᠤᠷᠤᠨ ᠠᠩᠬ᠎ᠠ ᠪᠠᠢᠢᠭᠤᠯᠤᠬᠳᠠᠬᠤ ᠦᠶ᠎ᠠ ᠵᠢᠨ 1.37 ᠳ᠋ᠦᠩᠰᠢᠭᠤᠷ ᠮᠦ ᠪᠠᠢᠢᠭᠰᠠᠨ ᠡᠴᠡ ᠪᠠᠨ 2.36 ᠳ᠋ᠦᠩᠰᠢᠭᠤᠷ ᠮᠦ ᠨᠡᠮᠡᠭᠳᠡᠵᠦ᠂ ᠤᠢ ᠰᠢᠭᠤᠢ ᠵᠢᠨ ᠪᠦᠷᠬᠦᠴᠡ ᠵᠢᠨ ᠨᠤᠷᠮ᠎ᠠ 7.7% ᠪᠠᠢᠢᠭᠰᠠᠨ ᠡᠴᠡ ᠪᠠᠨ 21.03% ᠪᠤᠯᠵᠦ ᠨᠡᠮᠡᠭᠳᠡᠭᠰᠡᠨ ᠶᠤᠮ᠃ ᠤᠳᠤ ᠦᠪᠦᠷ ᠮᠣᠩᠭᠣᠯ ᠤᠨ ᠪᠠᠢᠢᠭᠠᠯᠢᠯᠢᠬ ᠤᠢ ᠰᠢᠭᠤᠢ ᠵᠢᠨ ᠲᠠᠯᠠᠪᠠᠢ ᠪᠠ ᠲᠠᠷᠢᠮᠠᠯ ᠤᠢ ᠰᠢᠭᠤᠢ ᠵᠢᠨ ᠲᠠᠯᠠᠪᠠᠢ ᠲᠤᠰ ᠪᠤᠢᠷᠢ 2.93 ᠳ᠋᠋ᠦᠩᠰᠢᠭᠤᠷ ᠮᠦ ᠪᠠ 9732 ᠲᠦᠮᠡᠨ ᠮᠦ ᠳ᠋᠋ᠤ ᠬᠦᠷᠦᠬᠡᠳ ᠴᠦᠮ ᠤᠯᠤᠰ ᠳᠠᠶᠠᠭᠠᠷ ᠲᠤ ᠲᠡᠳ᠋ᠯᠡᠵᠦ᠂ ᠤᠷᠭᠤᠭ᠎ᠠ ᠮᠤᠳᠤᠨ ᠤ ᠬᠠᠳᠠᠭᠠᠯᠠᠬᠳᠠᠴᠠ 14.84 ᠳ᠋ᠦᠩᠰᠢᠭᠤᠷ ᠭᠦᠸᠠᠳ᠋ ᠮᠸᠲ᠋ᠷ ᠲᠤ ᠬᠦᠷᠴᠤ ᠤᠯᠤᠰ ᠳᠠᠶᠠᠭᠠᠷ ᠤᠨ ᠲᠠᠪᠤᠳᠤᠭᠠᠷ ᠲᠤ ᠤᠷᠤᠵᠦ ᠪᠠᠢᠢᠨ᠎ᠠ᠃ ᠦᠪᠦᠷ ᠮᠣᠩᠭᠣᠯ ᠤᠨ ᠤᠢ ᠰᠢᠭᠤᠢ ᠵᠢᠨ ᠡᠬᠢ ᠪᠠᠶᠠᠯᠢᠭ ᠭᠤᠤᠯᠳᠠᠭᠤ ᠶᠡᠬᠡ ᠬᠢᠩᠭ᠋ᠠᠨ ᠲᠠᠪᠠᠭ᠎ᠠ ᠵᠢᠨ ᠰᠢᠭᠤᠢᠢᠳᠤ ᠤᠷᠤᠨ᠂ ᠶᠡᠬᠡ ᠬᠢᠩᠭ᠋ᠠᠨ ᠲᠠᠪᠠᠭ᠎ᠠ ᠵᠢᠨ ᠡᠮᠦᠨᠡᠳᠤ ᠬᠡᠰᠡᠭ ᠵᠢᠴᠢ ᠪᠤᠬᠳᠠ ᠠᠭᠤᠯᠠ᠂ ᠬᠡᠰᠢᠭᠳᠡᠨ᠂ ᠲᠠᠯᠠᠨ ᠬᠠᠷ᠎ᠠ ᠠᠭᠤᠯᠠ᠂ ᠠᠯᠠᠱᠠ ᠠᠭᠤᠯᠠ ᠪᠠ ᠡᠵᠡᠨ᠎ᠠ ᠵᠡᠷᠬᠡ ᠲᠡᠳ᠋ ᠰᠢᠭᠤᠢᠢᠳᠤ ᠤᠷᠤᠨ ᠪᠠ ᠤᠷᠳᠤ ᠬᠤᠭᠤᠴᠠᠭ᠎ᠠ ᠪᠡᠷ ᠪᠦᠲᠦᠬᠡᠨ ᠪᠠᠢᠢᠭᠤᠯᠵᠦ ᠤᠢᠢᠵᠢᠭᠤᠯᠤᠬᠰᠠᠨ ᠲᠠᠷᠢᠮᠠᠯ ᠰᠢᠭᠤᠢᠢᠳᠤ ᠤᠷᠤᠨ ᠢᠶᠡᠷ ᠲᠠᠷᠬᠠᠵᠦ ᠪᠤᠢ᠃

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121577299