蒙古文网站Logo
ᠰᠢᠨᠬᠤᠸᠠ ᠮᠤᠩᠭ᠋ᠤᠯ ᠨᠧᠲ

《ᠤᠶᠤᠨ》 ᠮᠤᠩᠭᠤᠯ ᠪᠢᠴᠢᠭ᠌᠌ ᠤᠨ OCR ᠰᠢᠰᠲ᠋ᠧᠮ ᠠᠯᠪᠠᠨ ᠶᠤᠰᠤᠭᠠᠷ ᠠᠰᠢᠭᠯᠠᠯᠳᠠ ᠳᠤ ᠤᠷᠤᠯ᠎ᠠ

2017-09-06 18:51

    ᠰᠢᠨᠬᠤᠸᠠ ᠮᠤᠩᠭᠤᠯ ᠨᠧᠲ ᠬᠦᠬᠡᠬᠤᠳᠠ ᠶᠢᠨ 9 ᠰᠠᠷ᠎ᠠ ᠶᠢᠨ 6 ᠤ ᠡᠳᠤᠷ ᠤᠨ ᠴᠠᠬᠢᠯᠭᠠᠨ ᠮᠡᠳᠡᠬᠡ (ᠰᠤᠷᠤᠶ᠎ᠠ ᠪᠠᠢ ᠯᠢᠩ ᠳ᠋ᠢ) ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠺᠤᠮᠫᠢᠦ᠋ᠲ᠋ᠧᠷ ᠤᠨ ᠲᠡᠭᠡᠳᠤ ᠰᠤᠷᠭᠠᠭᠤᠯᠢ ᠶᠢᠨ ᠮᠤᠩᠭᠤᠯ ᠬᠡᠯᠡ ᠪᠢᠴᠢᠭ᠌ ᠤᠨ ᠰᠤᠷᠠᠭ ᠵᠠᠩᠬᠢ ᠰᠢᠶ᠋ᠳᠪᠦᠷᠢᠯᠡᠬᠦ ᠮᠡᠷᠬᠡᠵᠢᠯ ᠤᠨ ᠭᠤᠤᠯᠳᠠᠯᠭᠠᠳᠤ ᠲᠤᠷᠰᠢᠯᠳᠠ ᠶᠢᠨ ᠲᠠᠰᠤᠭ ᠤᠨ ᠰᠤᠳᠤᠯᠤᠨ ᠪᠦᠲᠦᠭᠡᠭ᠍ᠰᠡᠨ ᠮᠤᠩᠭᠤᠯ ᠬᠡᠪᠯᠡᠯ ᠤᠨ ᠪᠢᠴᠢᠭ᠌᠌ ᠢ ᠠᠦ᠋ᠲ᠋ᠣᠮᠠᠲ᠋ ᠢᠶᠠᠷ ᠲᠠᠨᠢᠬᠤ ᠰᠢᠨ᠎ᠡ ᠬᠡᠯᠪᠡᠷᠢ ᠶᠢᠨ OCR ᠰᠢᠰᠲ᠋ᠧᠮ (《ᠤᠶᠤᠨ》 ᠮᠤᠩᠭᠤᠯ ᠪᠢᠴᠢᠭ᠌᠌ ᠤᠨ OCR ᠰᠢᠰᠲ᠋ᠧᠮ ) 9 ᠰᠠᠷ᠎ᠠ ᠶᠢᠨ 3 ᠤ ᠡᠳᠤᠷ ᠠᠯᠪᠠᠨ ᠶᠤᠰᠤᠭᠠᠷ ᠠᠰᠢᠭᠯᠠᠯᠳᠠ ᠳᠤ ᠤᠷᠤᠪᠠ᠃

    《ᠤᠶᠤᠨ》 ᠮᠤᠩᠭᠤᠯ ᠪᠢᠴᠢᠭ᠌᠌ ᠤᠨ OCR ᠰᠢᠰᠲ᠋ᠧᠮ  ᠮᠤᠩᠭᠤᠯ ᠪᠢᠴᠢᠭ ᠤᠨ ᠲᠤᠮᠤ ᠳ᠋ᠡᠶᠢᠲ᠋ᠠ ᠬᠦᠮᠦᠷᠬᠡ ᠳᠤ ᠰᠠᠭᠤᠷᠢᠯᠠᠨ ᠭᠤᠤᠯᠳᠠᠭᠤ ᠮᠠᠰᠢᠨ ᠰᠤᠷᠬᠤᠢ ᠵᠡᠷᠬᠡ ᠲᠡᠷᠢᠬᠦᠨ ᠤ ᠲᠧᠭᠨᠤᠯᠤᠬᠢ ᠶᠢ ᠠᠰᠢᠭᠯᠠᠬᠰᠠᠨ ᠪᠦᠭᠡᠳ ᠡᠬᠦᠯᠡᠨ ᠦᠢᠯᠡᠴᠢᠯᠡᠬᠡᠨ ᠤ ᠵᠠᠭᠪᠤᠷ ᠲᠠᠢ ᠃ ᠤᠳᠤᠬᠠᠨ  ᠤ ᠤᠯᠤᠰ ᠤᠨ ᠲᠤᠳᠤᠭᠠᠳᠤ ᠳ᠋ᠡᠬᠢ ᠮᠤᠩᠭᠤᠯ ᠪᠢᠴᠢᠭ᠌᠌ ᠤᠨ ᠤᠯᠠᠨ ᠲᠢᠭ᠌᠌ ᠢ ᠲᠠᠨᠢᠵᠤ ᠴᠢᠳᠠᠬᠤ ᠶᠢᠨ ᠲᠠᠭᠠᠤ ᠤᠨᠤᠪᠴᠢ ᠶᠢᠨ ᠬᠡᠮᠵᠢᠶ᠎ᠡ ᠪᠤᠯᠤᠨ ᠪᠦᠬᠦ᠋ᠢᠯᠡ ᠴᠢᠳᠠᠪᠬᠢ ᠨᠢ ᠬᠡᠷᠡᠭᠯᠡᠬᠦ ᠲᠦᠪᠰᠢᠨ ᠳᠤ ᠬᠦᠷᠦᠭᠰᠡᠨ᠂ ᠬᠡᠷᠡᠭᠯᠡᠭᠴᠢᠳ ᠠᠰᠢᠭᠯᠠᠬᠤ ᠳᠤ ᠲᠦᠬᠦᠮ WEB ᠰᠢᠰᠲ᠋ᠧᠮ ᠪᠤᠯᠤᠨ᠎ᠠ᠃

    ᠲᠤᠰ OCR ᠰᠢᠰᠲ᠋ᠧᠮ ᠬᠡᠪᠯᠡᠯ ᠤᠨ ᠦᠰᠦᠭ ᠢ ᠠᠦ᠋ᠲ᠋ᠤᠮᠠᠲ ᠢᠶᠡᠷ ᠲᠠᠨᠢᠭᠰᠠᠨ ᠤ ᠲᠠᠷᠠᠭ᠎ᠠ ᠦᠬᠡ ᠪᠦᠷᠢ ᠳᠤ ᠦᠷᠭᠡᠳᠭᠡᠯ ᠰᠤᠩᠭᠤᠯᠳᠠ ᠬᠠᠩᠭᠠᠵᠤ᠂ ᠬᠡᠷᠡᠭᠯᠡᠭᠴᠢᠳ ᠲᠧᠺᠰᠲ ᠢᠶᠡᠨ ᠬᠠᠷᠭᠤᠭᠤᠯᠤᠨ ᠪᠤᠷᠤᠭᠤ ᠲᠠᠨᠢᠭᠰᠠᠨ ᠦᠰᠦᠭ ᠢ ᠵᠠᠰᠠᠬᠤ ᠳᠤ ᠲᠦᠬᠦᠮ ᠦᠵᠡᠬᠦᠯᠳᠡᠭ᠃ ᠡᠨᠡ ᠰᠢᠰᠲ᠋ᠧᠮ ᠤᠨ ᠲᠠᠪᠠᠭᠤᠯᠢᠭ ᠨᠢ ᠬᠡᠪᠯᠡᠯ ᠤᠨ ᠦᠰᠦᠭ ᠢ ᠭᠠᠭᠴᠠ ᠨᠢᠭᠤᠷ ᠪᠤᠶᠤ ᠪᠦᠬᠦᠯᠢ ᠲᠧᠺᠰᠲ ᠢᠶᠡᠷ ᠪᠦᠷ ᠲᠠᠨᠢᠵᠤ ᠴᠢᠳᠠᠨ᠎ᠠ᠂ ᠪᠠᠰᠠ ᠢᠨᠲ᠋ᠧᠷᠨᠧᠲ ᠲᠤ ᠬᠤᠯᠪᠤᠭᠳᠠᠨ ᠲᠠᠨᠢᠬᠤ ᠪᠡᠷ ᠪᠠᠷᠠᠬᠤ ᠦᠭᠡᠢ ᠢᠨᠲ᠋ᠧᠷᠨᠧᠲ ᠲᠤ ᠬᠤᠯᠪᠤᠭᠳᠠᠬᠤ ᠦᠭᠡᠢ ᠪᠠᠶᠢᠳᠠᠯ ᠳᠤ ᠴᠤ ᠲᠠᠨᠢᠵᠤ ᠴᠢᠳᠠᠬᠤ ᠪᠦᠭᠡᠳ ᠲᠡᠭᠡᠳᠤ ᠲᠦᠪᠰᠢᠨ ᠤ ᠨᠠᠶᠢᠷᠠᠭᠤᠯᠬᠤ ᠴᠢᠳᠠᠪᠬᠢ ᠲᠠᠢ᠃ ᠳᠡᠷᠡᠴᠢᠯᠡᠨ ᠡᠬᠦᠯᠡᠨ ᠦᠢᠯᠡᠴᠢᠯᠡᠬᠡᠨ ᠤ ᠬᠤᠯᠪᠤᠭᠠᠰᠤ ᠪᠡᠷ ᠪᠤᠰᠤᠳ ᠫᠷᠤᠭ᠍ᠷᠡᠮ ᠳᠤ ᠤᠭᠰᠠᠷᠠᠨ ᠠᠰᠢᠭᠯᠠᠵᠤ ᠪᠤᠯᠤᠨ᠎ᠠ᠃

    ᠤᠳᠤᠬᠠᠨ ᠳᠤ᠂ ᠲᠤᠰ ᠰᠢᠰᠲ᠋ᠧᠮ ᠮᠤᠩᠭᠤᠯ ᠪᠢᠴᠢᠭ᠌ ᠤᠨ ᠴᠠᠭᠠᠨ ᠲᠢᠭ᠌᠂ ᠬᠠᠷ᠎ᠠ ᠲᠢᠭ᠌᠂ ᠭᠠᠷᠴᠠᠭ ᠲᠢᠭ᠌᠌᠂ ᠰᠤᠨᠢᠨ ᠲᠢᠭ᠌᠌ ᠪᠤᠯᠤᠨ ᠬᠠᠸᠠᠩ ᠲᠢᠭ᠌᠌ ᠤᠨ ᠬᠡᠪᠯᠡᠯ ᠤᠨ ᠨᠤᠮ ᠲᠡᠪᠳᠡᠷ᠂ ᠰᠤᠨᠢᠨ ᠰᠡᠳᠭᠦᠯ᠂ ᠨᠧᠲ ᠤᠨ ᠵᠢᠷᠤᠭ ᠪᠤᠯᠤᠨ PDF ᠲᠧᠺᠰᠲ ᠤᠨ ᠦᠰᠦᠭ ᠢ ᠲᠠᠨᠢᠵᠤ ᠴᠢᠳᠠᠬᠤ ᠪᠦᠭᠡᠳ ᠲᠠᠨᠢᠬᠤ ᠤᠨᠤᠪᠴᠢ ᠶᠢᠨ ᠬᠡᠮᠵᠢᠶ᠎ᠡ ᠨᠡᠯᠢᠶᠡᠳ ᠦᠨᠳᠤᠷ ᠪᠠᠶᠢᠳᠠᠭ᠃ ᠲᠠᠨᠢᠭᠰᠠᠨ ᠳ᠋ᠦᠩ ᠢ ᠨᠢ ᠲᠧᠺᠰᠲ᠂ PDF ᠪᠤᠯᠤᠨ ᠳ᠋ᠤᠺᠦ᠋ᠮᠧᠨ᠋ᠲ ᠢᠶᠡᠷ ᠭᠠᠷᠭᠠᠵᠤ ᠪᠤᠯᠤᠨ᠎ᠠ᠃

    ᠲᠤᠰ ᠰᠢᠰᠲ᠋ᠧᠮ ᠡᠯ᠎ᠡ ᠬᠦᠷᠢᠶ᠎ᠠ ᠬᠡᠪᠴᠢᠶᠡᠨ ᠳ᠋ᠡᠬᠢ ᠮᠤᠩᠭᠤᠯ ᠪᠢᠴᠢᠭ᠌᠌ ᠤᠨ ᠲᠤᠭᠠᠴᠢᠯᠠᠯᠳᠠ ᠶᠢ ᠲᠦᠷᠭᠡᠳᠭᠡᠨ᠂ ᠠᠰᠢᠭᠯᠠᠯᠳᠠ ᠶᠢᠨ ᠲᠦᠪᠰᠢᠨ ᠢ ᠲᠡᠭᠡᠭ᠍ᠰᠢᠯᠡᠬᠦᠯᠬᠦ ᠶᠢᠨ ᠲᠠᠭᠠᠤ ᠮᠤᠩᠭᠤᠯ ᠬᠡᠯᠡ ᠪᠢᠴᠢᠭ᠌᠌ ᠤᠨ ᠰᠤᠷᠠᠭ ᠵᠠᠩᠬᠢ ᠰᠢᠶ᠋ᠳᠪᠦᠷᠢᠯᠡᠯᠳᠡ ᠳᠤ ᠴᠢᠬᠤᠯᠠ ᠠᠬᠢᠭᠤᠯᠬᠤ ᠦᠢᠯᠡᠳᠤᠯ ᠲᠠᠢ ᠪᠦᠭᠡᠳ ᠮᠤᠩᠭᠤᠯ ᠦᠨᠳᠦᠰᠦᠳᠡᠨ ᠤ ᠰᠢᠨᠵᠢᠯᠡᠬᠦ ᠤᠬᠠᠭᠠᠨ ᠲᠧᠭᠨᠤᠯᠤᠬᠢ᠂ ᠰᠤᠷᠭᠠᠨ ᠬᠦᠮᠦᠵᠢᠯ ᠰᠤᠶᠤᠯ ᠤᠨ ᠦᠢᠯᠡᠰ ᠤᠨ ᠬᠦᠭ᠍᠍ᠵᠢᠯᠳᠡ ᠳᠤ ᠴᠤ ᠲᠦᠯᠬᠢᠭᠦᠦ ᠦᠢᠯᠡᠳᠦᠯ ᠭᠠᠷᠭᠠᠬᠤ ᠪᠤᠯᠤᠨ᠎ᠠ᠃

    《ᠤᠶᠤᠨ》 ᠮᠤᠩᠭᠤᠯ ᠪᠢᠴᠢᠭ᠌᠌ ᠤᠨ OCR ᠰᠢᠰᠲ᠋ᠧᠮ ᠢ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠺᠤᠮᠫᠢᠦ᠋ᠲ᠋ᠧᠷ ᠤᠨ ᠲᠡᠭᠡᠳᠤ ᠰᠤᠷᠭᠠᠭᠤᠯᠢ ᠶᠢᠨ ᠹᠧᠢ ᠯᠦᠩ ᠲᠠᠳ᠋ ᠫᠷᠤᠹᠧᠰᠰᠤᠷ ᠢᠶᠡᠷ ᠠᠬᠠᠯᠠᠭᠤᠯᠤᠭᠰᠠᠨ ᠰᠤᠳᠤᠯᠭᠠᠨ ᠤ ᠪᠠᠭ ᠵᠢᠯ ᠭᠠᠷᠤᠢ ᠶᠢᠨ ᠴᠠᠭ ᠵᠠᠷᠤᠴᠠᠭᠤᠯᠤᠨ ᠰᠤᠳᠤᠯᠤᠨ ᠭᠠᠷᠭᠠᠵᠠᠢ᠃

    《ᠤᠶᠤᠨ》 ᠮᠤᠩᠭᠤᠯ ᠪᠢᠴᠢᠭ᠌᠌ ᠤᠨ OCR ᠰᠢᠰᠲ᠋ᠧᠮ ᠤᠨ ᠨᠡᠶᠢᠬᠡᠮ ᠳᠤ ᠬᠠᠨᠳᠤᠭᠤᠯᠤᠨ ᠠᠰᠢᠭᠯᠠᠭᠤᠯᠬᠤ ᠨᠧᠲ ᠤᠨ ᠬᠠᠶ᠊ᠢᠭ ᠨᠢ᠄http://ocr.mglip.com

ᠢᠷᠡᠯᠳᠡ᠄ ᠰᠢᠨᠬᠤᠸᠠ ᠮᠤᠩᠭᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121616968