蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ 1 ᠪᠠᠭ 3 ᠬᠤᠪᠢ ᠬᠦᠮᠦᠨ ᠦᠪᠡᠷᠲᠡᠭᠡᠨ ᠵᠠᠰᠠᠬᠤ ᠤᠷᠤᠨ ᠤ《5 • 1》  ᠬᠦᠳᠡᠯᠮᠦᠷᠢ ᠵᠢᠨ ᠱᠠᠩᠨᠠᠯ ᠤᠨ ᠪᠢᠴᠢᠭ᠌ ᠪᠠ ᠮᠧᠳᠠᠯ ᠬᠦᠷᠲᠡᠵᠠᠢ

2017-09-11 17:03

    ᠤᠢᠢᠷ᠎ᠠ ᠳᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠵᠢᠯᠴᠢᠨ ᠤ ᠶᠡᠷᠦᠩᠬᠡᠢ ᠡᠪᠯᠡᠯ ᠡᠴᠡ ᠰᠢᠢᠳᠪᠦᠷᠢ ᠭᠠᠷᠭᠠᠵᠤ᠂ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠲᠠᠮᠢᠷ ᠤᠨ ᠴᠤᠭᠯᠠᠭᠠᠨ ᠳᠦ ᠪᠠᠭ ᠤᠨ ᠠᠯᠲᠠᠨ ᠮᠧᠳᠠᠯ ᠬᠦᠷᠲᠡᠭᠰᠡᠨ ᠦᠪᠦᠷ ᠮᠤᠩᠭᠤᠯ ᠤᠨ ᠡᠮᠡᠭᠲᠠᠢ ᠵᠢᠨ ᠮᠠᠷᠠᠽᠤᠨ ᠤ ᠪᠠᠭ ᠲᠤ ᠦᠪᠡᠷᠲᠡᠭᠡᠨ ᠵᠠᠰᠠᠬᠤ ᠤᠷᠤᠨ ᠤ《5 • 1》 ᠬᠦᠳᠡᠯᠮᠦᠷᠢ ᠵᠢᠨ ᠱᠠᠩᠨᠠᠯ ᠤᠨ ᠪᠢᠴᠢᠭ᠌ ᠭᠠᠷᠳᠠᠭᠤᠯᠵᠤ᠂ ᠠᠯᠲᠠᠨ ᠮᠧᠳᠠᠯ ᠬᠦᠷᠲᠡᠭᠰᠡᠨ ᠸᠠᠩ ᠮᠦᠧᠧ ᡂᠢ᠂ ᠡᠷᠬᠢᠮᠪᠠᠲᠦ᠂ ᠰᠢᠤᠢ ᠹᠠ ᠭᠤᠧᠠᠩ 3 ᠲᠠᠮᠢᠷᠴᠢᠨ ᠳᠤ ᠦᠪᠡᠷᠲᠡᠭᠡᠨ ᠵᠠᠰᠠᠬᠤ ᠤᠷᠤᠨ ᠤ《5 • 1》ᠬᠦᠳᠡᠯᠮᠦᠷᠢ ᠵᠢᠨ ᠮᠧᠳᠠᠯ ᠭᠠᠷᠳᠠᠭᠤᠯᠵᠠᠢ᠃

    ᠤᠢᠢᠯᠠᠭᠠᠭᠰᠠᠨ ᠵᠢᠡᠷ᠂ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠲᠠᠮᠢᠷ ᠤᠨ ᠴᠤᠭᠯᠠᠭᠠᠨ ᠳᠤ᠂ ᠦᠪᠦᠷ ᠮᠤᠩᠭᠤᠯ ᠤᠨ ᠲᠠᠮᠢᠷᠴᠢᠳ ᠬᠦᠴᠦᠷᠬᠡᠭ ᠡᠴᠡ ᠰᠦᠷᠳᠡᠬᠦ ᠦᠭᠡᠢ᠂ ᠰᠢᠷᠭᠠᠭᠤ ᠲᠡᠮᠡᠴᠡᠬᠦ ᠵᠤᠷᠢᠭ ᠰᠠᠨᠠᠭ᠎ᠠ ᠵᠢ ᠪᠠᠳᠠᠷᠠᠭᠤᠯᠵᠤ᠂ ᠨᠡᠢᠢᠲᠡ 7 ᠠᠯᠲᠠᠨ ᠮᠧᠳᠠᠯ᠂ 10 ᠮᠦᠩᠭᠦᠨ ᠮᠧᠳᠠᠯ᠂ 20 ᠬᠦᠷᠡᠯ ᠮᠧᠳᠠᠯ ᠤᠯᠵᠤ᠂ ᠦᠪᠦᠷ ᠮᠤᠩᠭᠤᠯ ᠳᠤ ᠪᠠᠨ ᠢᠷᠠᠭᠤ ᠠᠯᠳᠠᠷ ᠨᠡᠮᠡᠷᠢᠯᠡᠪᠡ᠃ ᠤᠨᠴᠠᠭᠠᠢᠢᠯᠠᠨ ᠪᠠᠭ ᠤᠨ ᠲᠡᠮᠡᠴᠡᠬᠡᠨ ᠳᠤ᠂ ᠦᠪᠦᠷ ᠮᠤᠩᠭᠤᠯ ᠤᠨ ᠡᠮᠡᠭᠲᠠᠢ ᠵᠢᠨ ᠮᠠᠷᠠᠽᠤᠨ ᠤ ᠪᠠᠭ ᠮᠠᠩᠯᠠᠶᠢᠯᠠᠪᠠ ᠃ ᠬᠤᠪᠢ ᠬᠦᠮᠦᠨ ᠤ ᠲᠡᠮᠡᠴᠡᠬᠡᠨ ᠳᠤ᠂ ᠸᠠᠩ ᠮᠦᠸᠧ ᡂᠢ ᠮᠤᠷᠢᠨ ᠮᠡᠷᠭᠡᠵᠢᠯ ᠤᠨ ᠲᠠᠮᠢᠷᠴᠢᠨ ᠤ ᠡᠮᠡᠭᠲᠠᠢ ᠵᠢᠨ ᠤᠮᠪᠠᠬᠤ ᠭᠦᠶᠦᠬᠦ ᠬᠤᠶᠠᠷ ᠲᠦᠷᠦᠯ ᠳᠤ᠂ ᠡᠷᠬᠢᠮᠪᠠᠲᠦ ᠡᠷᠡᠭᠲᠠᠢ ᠵᠢᠨ ᠵᠢᠤᠳᠤᠤ ᠪᠦᠬᠡ ᠵᠢᠨ 81 ᠺᠢᠯᠤᠭ᠍ᠷᠠᠮ ᠬᠦᠨᠳᠤ ᠶᠢᠨ ᠵᠢᠩ ᠳᠤ᠂ ᠰᠢᠤᠢ ᠹᠠ ᠭᠤᠧᠠᠩ ᠡᠷᠡᠭᠲᠠᠢ ᠵᠢᠨ 50 ᠺᠢᠯᠤᠮᠧᠲ᠋ᠷ ᠤᠨ ᠠᠯᠬᠤᠭ᠎ᠠ ᠤᠷᠤᠯᠳᠤᠭᠠᠨ ᠳᠤ ᠲᠤᠰ ᠲᠤᠰ ᠮᠠᠩᠯᠠᠢ ᠳᠦ ᠳᠤᠳᠤᠷᠠᠪᠠ᠃ 

ᠢᠷᠡᠯᠳᠡ᠄ ᠦᠪᠦᠷ ᠮᠤᠩᠭᠤᠯ ᠤᠨ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121644834